ᠡᠯᠮᠢᠭ ᠰᠢᠷᠭ᠎ᠠЭлмэг шарга-ᠣᠷᠳᠣᠰ ᠠᠷᠠᠳ ᠤᠨ ᠳᠠᠭᠤᠤ18 ᠠᠷᠠᠳ ᠤ᠋ᠨ ᠳᠠᠭᠤᠤ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠡᠯᠮᠢᠭ ᠰᠢᠷᠭ᠎ᠠЭлмэг шарга-ᠣᠷᠳᠣᠰ ᠠᠷᠠᠳ ᠤᠨ ᠳᠠᠭᠤᠤ18

ᠡᠯᠮᠢᠭ ᠰᠢᠷᠭ᠎ᠠЭлмэг шарга-ᠣᠷᠳᠣᠰ ᠠᠷᠠᠳ ᠤᠨ ᠳᠠᠭᠤᠤ18

2023-08-01

301

ᠡᠯᠮᠢᠭ ᠰᠢᠷᠭ᠎ᠠ

      -ᠣᠷᠳᠣᠰ ᠠᠷᠠᠳ ᠤᠨ ᠳᠠᠭᠤᠤ 
ᠡᠯᠮᠢᠭ ᠰᠢᠷᠭ᠎ᠠ ᠮᠣᠷᠢ ᠶᠠᠨ ᠪᠠᠢᠨ᠎ᠠ ᠤᠤ 
ᠢᠵᠢᠯᠢ ᠪᠡᠨ ᠳᠠᠭᠠᠭᠠᠳ ᠲᠡᠯᠮᠡᠯᠵᠡᠭᠦᠯᠦᠨ᠎ᠡ 
ᠡᠵᠡᠨ ᠶᠣ᠌ ᠸᠠᠩ ᠤ᠋ᠨ ᠠᠪᠠᠬᠠᠢ ᠭᠦᠩᠵᠦ 
ᠡᠨᠡ ᠶᠣ᠌ ᠭᠠᠵᠠᠷ ᠲᠤ᠌ ᠳᠤᠷ᠎ᠠ ᠦᠭᠡᠢ ᠯᠡ ᠪᠠᠢᠨ᠎ᠠ 

ᠠᠷᠪᠠᠨ ᠲᠡᠮᠡᠭᠡ ᠪᠡᠨ ᠠᠴᠢᠶᠠᠯᠠᠭᠠᠳ ᠶᠠᠪᠤᠶ᠎ᠠ 
ᠠᠪᠠᠬᠠᠢ ᠭᠦᠩᠵᠦ ᠪᠡᠨ ᠠᠪᠤᠭᠠᠳ ᠶᠠᠪᠤᠶ᠎ᠠ 
ᠬᠣᠷᠢᠨ ᠲᠡᠮᠡᠭᠡ ᠪᠡᠨ ᠠᠴᠢᠶᠠᠯᠠᠭᠠᠳ ᠶᠠᠪᠤᠶ᠎ᠠ 
ᠬᠣᠶᠠᠷ ᠭᠦᠩᠵᠦ ᠪᠡᠨ ᠠᠪᠤᠭᠠᠳ ᠶᠠᠪᠤᠶ᠎ᠠ 

ᠠᠭᠤᠯᠠᠨ ᠠ᠋ᠴᠠ ᠥᠨᠳᠥᠷ ᠠᠭᠤᠯᠠ ᠶᠠᠨ ᠪᠠᠢᠨ᠎ᠠ ᠤᠤ 
ᠤᠴᠠᠷᠠᠭᠰᠠᠨ ᠠ᠋ᠴᠠ ᠢᠯᠡᠭᠦᠦ ᠢᠨᠠᠭ ᠶᠠᠨ ᠪᠠᠢᠨ᠎ᠠ ᠤᠤ 
ᠬᠠᠳᠠ ᠠ᠋ᠴᠠ ᠥᠨᠳᠥᠷ ᠬᠠᠳᠠ ᠶᠠᠨ ᠪᠠᠢᠨ᠎ᠠ ᠤᠤ 
ᠬᠠᠨᠢᠯᠠᠭᠰᠠᠨ ᠠ᠋ᠴᠠ ᠢᠯᠡᠭᠦᠦ ᠢᠨᠠᠭ ᠶᠠᠨ ᠪᠠᠢᠨ᠎ᠠ ᠤᠤ 

ᠨᠠᠷᠠᠨ ᠠ᠋ᠴᠠ ᠥᠨᠳᠥᠷ ᠨᠠᠷᠠ ᠶᠠᠨ ᠪᠠᠢᠨ᠎ᠠ ᠤᠤ
ᠨᠠᠳᠠ ᠠ᠋ᠴᠠ ᠢᠯᠡᠭᠦᠦ ᠢᠨᠠᠭ ᠶᠠᠨ ᠪᠠᠢᠨ᠎ᠠ ᠤᠤ
ᠰᠠᠷᠠᠨ ᠠ᠋ᠴᠠ ᠥᠨᠳᠥᠷ ᠰᠠᠷᠠ ᠶᠠᠨ ᠪᠠᠢᠨ᠎ᠠ ᠤᠤ
ᠰᠠᠨᠠᠭ᠎ᠠ ᠠ᠋ᠴᠠ ᠢᠯᠡᠭᠦᠦ ᠢᠨᠠᠭ ᠶᠠᠨ ᠪᠠᠢᠨ᠎ᠠ ᠤᠤ

ᠠᠯᠢᠮ᠎ᠠ ᠶ᠋ᠢᠨ ᠮᠣᠳᠣᠨ ᠠ᠋ᠴᠠ ᠠᠯᠢᠮ᠎ᠠ ᠭᠠᠷᠳᠠᠭ ᠶᠤᠮ
ᠠᠯᠢ ᠠ᠋ᠴᠠ ᠬᠥᠮᠦᠨ ᠢᠨᠠᠭ ᠶᠠᠨ ᠭᠠᠷᠳᠠᠭ ᠶᠤᠮ
ᠦᠵᠦᠮ ᠦ᠋ᠨ ᠮᠣᠳᠣᠨ ᠠ᠋ᠴᠠ ᠦᠵᠦᠮ ᠶᠠᠨ ᠭᠠᠷᠳᠠᠭ ᠶᠤᠮ
ᠦᠨᠡᠨ ᠰᠡᠳᠬᠢᠯ ᠡᠴᠡ ᠢᠨᠠᠭ ᠶᠠᠨ ᠭᠠᠷᠳᠠᠭ ᠶᠤᠮ

ᠨᠠᠷᠢᠨ ᠭᠣᠣᠯ ᠤ᠋ᠨ ᠬᠥᠪᠡᠭᠡᠨ ᠳ᠋ᠦ᠍
ᠨᠠᠷᠠ ᠶ᠋ᠢ ᠪᠡᠨ ᠭᠠᠷᠲᠠᠯ᠎ᠠ ᠬᠦᠯᠢᠶᠡᠯ᠎ᠡ
ᠰᠠᠯᠠᠭ᠎ᠠ ᠭᠣᠣᠯ ᠤ᠋ᠨ ᠡᠬᠢᠨ ᠳ᠋ᠦ᠍
ᠰᠠᠷ᠎ᠠ ᠶ᠋ᠢ ᠪᠡᠨ ᠭᠠᠷᠲᠠᠯ᠎ᠠ ᠬᠦᠯᠢᠶᠡᠯ᠎ᠡ

ᠬᠣᠷᠢᠨ ᠬᠣᠶᠠᠷ ᠤ᠋ᠨ ᠰᠠᠷᠠ ᠨᠢ
ᠶᠠᠭᠤ ᠭᠡᠭᠴᠢ ᠶ᠋ᠢᠨ ᠣᠷᠣᠢ ᠭᠠᠷᠬᠤ ᠶᠤᠮ ᠳ᠋ᠣᠣ
ᠬᠣᠢᠲᠤ ᠠᠢᠯ ᠤ᠋ᠨ ᠬᠣᠶᠠᠷ ᠭᠠᠷᠵᠢ
ᠶᠠᠭᠤ ᠭᠡᠭᠴᠢ ᠶ᠋ᠢᠨ ᠰᠦᠷᠡᠬᠡᠢ ᠵᠠᠭᠤᠳᠠᠭ ᠶᠤᠮ ᠳ᠋ᠣᠣ