ᠰᠤᠯᠠᠬᠠᠨ ᠲᠠᠯᠲᠤ ᠬᠡᠭᠡᠷСулхан дэлт хээр-ᠣᠷᠳᠣᠰ ᠠᠷᠠᠳ ᠤᠨ ᠳᠠᠭᠤᠤ17
ᠰᠤᠯᠠᠬᠠᠨ ᠲᠠᠯᠲᠤ ᠬᠡᠭᠡᠷ
ᠰᠤᠯᠠᠬᠠᠨ ᠳᠠᠯᠳᠤ ᠬᠡᠭᠡᠷ ᠢ᠋ ᠪᠡᠨ
ᠵᠢᠯᠣᠭᠣ ᠶ᠋ᠢ ᠨᠢ ᠰᠣᠢᠵᠤ ᠮᠣᠷᠳᠠᠶ᠎ᠠ ᠳ᠋ᠣᠣ
ᠡᠷᠭᠢ ᠪᠡᠷ ᠳᠦᠭᠦᠷᠡᠩ ᠠᠳᠤᠭᠤ ᠪᠠᠢᠨ᠎ᠠ
ᠡᠯᠢᠭᠡ ᠪᠡᠷ ᠳᠦᠭᠦᠷᠡᠩ ᠲᠥᠷᠥᠯ ᠪᠠᠢᠨ᠎ᠠ
ᠵᠦᠯᠭᠡ ᠪᠡᠷ ᠳᠦᠭᠦᠷᠡᠩ ᠠᠳᠤᠭᠤ ᠪᠠᠢᠨ᠎ᠠ
ᠵᠢᠷᠦᠬᠡ ᠪᠡᠷ ᠳᠦᠭᠦᠷᠡᠩ ᠲᠥᠷᠥᠯ ᠪᠠᠢᠨ᠎ᠠ
ᠠᠪᠤ ᠶ᠋ᠢᠨ ᠮᠢᠨᠢ ᠬᠠᠢᠷᠠᠯᠠᠭᠰᠠᠨ
ᠠᠭᠲᠠ ᠮᠣᠷᠢ ᠠᠷᠪᠠᠨ ᠨᠠᠢ᠍ᠮᠠ
ᠡᠵᠢ ᠶ᠋ᠢᠨ ᠮᠢᠨᠢ ᠬᠠᠢᠷᠠᠯᠠᠭᠰᠠᠨ
ᠡᠷᠢᠭᠡ ᠱ᠌ᠢᠷᠦ ᠠᠷᠪᠠᠨ ᠨᠠᠢ᠍ᠮᠠ
ᠠᠬ᠎ᠠ ᠶ᠋ᠢᠨ ᠮᠢᠨᠢ ᠬᠠᠢᠷᠠᠯᠠᠭᠰᠠᠨ
ᠠᠪᠳᠠᠷ᠎ᠠ ᠱᠦᠭᠦᠢ ᠠᠷᠪᠠᠨ ᠨᠠᠢ᠍ᠮᠠ
ᠪᠡᠷᠭᠡᠨ ᠦ᠌ ᠮᠢᠨᠢ ᠬᠠᠢᠷᠠᠯᠠᠭᠰᠠᠨ
ᠪᠡᠶᠡᠯᠡᠭᠰᠡᠨ ᠮᠠᠬᠠᠢ ᠠᠷᠪᠠᠨ ᠨᠠᠢ᠍ᠮᠠ
ᠡᠭᠡᠴᠢ ᠶ᠋ᠢᠨ ᠮᠢᠨᠢ ᠬᠠᠢᠷᠠᠯᠠᠭᠰᠠᠨ
ᠡᠩᠲᠦ ᠲᠣᠷᠭ᠎ᠠ ᠠᠷᠪᠠᠨ ᠨᠠᠢ᠍ᠮᠠ
ᠳᠡᠭᠦᠦ ᠶ᠋ᠢᠨ ᠮᠢᠨᠢ ᠬᠠᠢᠷᠠᠯᠠᠭᠰᠠᠨ
ᠪᠢᠳᠦᠷᠢᠶᠡᠳᠦ ᠪᠦᠯᠡᠵᠡᠭ ᠠᠷᠪᠠᠨ ᠨᠠᠢ᠍ᠮᠠ
ᠡᠷᠭᠢ ᠪᠡᠷ ᠳᠦᠭᠦᠷᠡᠩ ᠠᠳᠤᠭᠤ ᠪᠠᠢᠨ᠎ᠠ
ᠡᠯᠢᠭᠡ ᠪᠡᠷ ᠳᠦᠭᠦᠷᠡᠩ ᠲᠥᠷᠥᠯ ᠪᠠᠢᠨ᠎ᠠ
ᠵᠦᠯᠭᠡ ᠪᠡᠷ ᠳᠦᠭᠦᠷᠡᠩ ᠠᠳᠤᠭᠤ ᠪᠠᠢᠨ᠎ᠠ
ᠵᠢᠷᠦᠬᠡ ᠪᠡᠷ ᠳᠦᠭᠦᠷᠡᠩ ᠲᠥᠷᠥᠯ ᠪᠠᠢᠨ᠎ᠠ
