ᠡᠵᠢ ᠶᠢᠨ ᠢᠶᠡᠨ ᠠᠴᠢ ᠶᠢ ᠶᠠᠭᠠᠬᠢᠯ᠎ᠠ ᠳ᠋ᠠЭэжийнхээ ачийг яалаа даа ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠡᠵᠢ ᠶᠢᠨ ᠢᠶᠡᠨ ᠠᠴᠢ ᠶᠢ ᠶᠠᠭᠠᠬᠢᠯ᠎ᠠ ᠳ᠋ᠠЭэжийнхээ ачийг яалаа даа

ᠡᠵᠢ ᠶᠢᠨ ᠢᠶᠡᠨ ᠠᠴᠢ ᠶᠢ ᠶᠠᠭᠠᠬᠢᠯ᠎ᠠ ᠳ᠋ᠠЭэжийнхээ ачийг яалаа даа

ᠠᠩᠭᠢᠯᠠᠯ:ᠳᠠᠭᠤᠤ ᠬᠥᠭᠵᠢᠮ
2023-07-31

243

ᠡᠵᠢ ᠶ᠋ᠢᠨ ᠢᠶᠠᠨ ᠠᠴᠢ ᠶ᠋ᠢ ᠶᠠᠭᠠᠬᠢᠯ᠎ᠠ ᠳ᠋ᠠ

   ᠦᠭᠡ᠄ ᠪ· ᡀᠬᠠᠪᠠᠰᠥ᠋ᠷᠦᠩ 
   ᠠᠶ᠎ᠠ᠄ ᠠ᠊· ᠡᠩᠬᠡᠲᠠᠶ᠋ᠢᠪᠤᠩ 
ᠪᠢᠯᠡᠭᠦᠦ ᠲᠡᠢ ᠠᠭᠤᠯᠠ ᠶ᠋ᠢᠨ ᠢᠶᠠᠨ ᠣᠪᠣᠭᠠᠨ ᠳᠤ 
ᠴᠢᠯᠠᠭᠤ ᠭᠠᠭᠴᠠ ᠶ᠋ᠢ ᠨᠡᠮᠡᠯ᠎ᠡ ‍ᠤᠤ ᠳ᠋ᠠ 
ᠪᠡᠶ᠎ᠡ ᠪᠡᠨ ᠬᠤᠪᠢᠶᠠᠵᠤ ᠲᠥᠷᠥᠭᠦᠯᠦᠭᠰᠡᠨ 
ᠡᠵᠢ ᠶ᠋ᠢᠨ ᠢᠶᠠᠨ ᠠᠴᠢ ᠶ᠋ᠢ ᠶᠠᠭᠠᠬᠢᠯ᠎ᠠ ᠳ᠋ᠠ 
ᠠᠯᠲᠠᠨ ᠭᠠᠨᠲ‍ᠠᠷᠢ ᠲᠠᠢ ᠲᠠᠯ᠎ᠠ᠎ ᠳ᠋ᠤ᠌ ᠪᠠᠨ 
ᠣᠶ᠋ᠢᠷ᠎ᠠ ᠎ᠳ᠋ᠤ᠌ ᠪᠠᠨ ᠪᠢ ᠣᠴᠢᠯ᠎ᠠ ‍ᠤᠤ ᠳ᠋ᠠ 
ᠠᠮᠢ ᠪᠠᠨ ᠬᠤᠪᠢᠶᠠᠵᠤ ᠲᠥᠷᠥᠭᠦᠯᠦᠭᠰᠡᠨ 
ᠡᠵᠢ ᠶ᠋ᠢᠨ ᠢᠶᠠᠨ ᠠᠴᠢ ᠶ᠋ᠢ ᠶᠠᠭᠠᠬᠢᠯ᠎ᠠ ᠳ᠋ᠠ
ᠤᠬᠢᠯᠠᠬᠤ ᠰᠢᠭ᠋ ᠮᠡᠯᠲᠡᠭᠡᠨᠡᠬᠦ ᠤᠰᠤᠨ ᠳᠤ ᠪᠠᠨ
ᠢᠨᠢᠶᠡᠳᠦ ᠭᠠᠭᠴᠠ ᠶ᠋ᠢ ᠥᠭᠭᠦᠯ᠎ᠡ ‍ᠤᠤ ᠳ᠋ᠡ
ᠤᠬᠠᠭᠠᠨ ᠢᠶᠠᠨ ᠠᠰᠬᠠᠵᠤ ᠤᠷᠭᠤᠭᠤᠯᠤᠭᠰᠠᠨ
ᠡᠵᠢ ᠶ᠋ᠢᠨ ᠢᠶᠠᠨ ᠠᠴᠢ ᠶ᠋ᠢ ᠶᠠᠭᠠᠬᠢᠯ᠎ᠠ ᠳ᠋ᠠ
ᠡ᠁ ᠡ᠁ ᠠᠢ ᠬᠥᠭᠡᠷᠦᠬᠦᠢ
ᠡᠵᠢ ᠶ᠋ᠢᠨ ᠢᠶᠠᠨ ᠠᠴᠢ ᠶ᠋ᠢ ᠶᠠᠭᠠᠬᠢᠯ᠎ᠠ ᠳ᠋ᠠ

   ᠦᠰᠦᠭ ᠠᠮᠢᠯᠠᠭᠤᠯᠤᠭᠰᠠᠨ ᠨᠢ᠄ ᠰᠡᠷᠭᠦᠯᠡᠩ
   ᠦᠰᠦᠭ ᠬᠠᠲᠠᠭᠰᠠᠨ ᠨᠢ᠄ ᠰᠡᠷᠭᠦᠯᠡᠩ
   ᠬᠢᠨᠠᠭᠴᠢ᠄ ᠮᠥᠴᠢᠷ