ᠥᠬᠢᠨ ᠳ᠋ᠦ᠍ ᠪᠡᠨ ᠪᠢᠴᠢᠭᠰᠡᠨ ᠵᠠᠬᠢᠳᠠᠯ– ᠷ᠂ ᠴᠣᠢᠨᠣᠮОхиндоо бичсэн захидал– Р᠂ Чойном-Choinom Ohindo Bichsen Zahidal ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠥᠬᠢᠨ ᠳ᠋ᠦ᠍ ᠪᠡᠨ ᠪᠢᠴᠢᠭᠰᠡᠨ ᠵᠠᠬᠢᠳᠠᠯ– ᠷ᠂ ᠴᠣᠢᠨᠣᠮОхиндоо бичсэн захидал– Р᠂ Чойном-Choinom Ohindo Bichsen Zahidal

ᠥᠬᠢᠨ ᠳ᠋ᠦ᠍ ᠪᠡᠨ ᠪᠢᠴᠢᠭᠰᠡᠨ ᠵᠠᠬᠢᠳᠠᠯ– ᠷ᠂ ᠴᠣᠢᠨᠣᠮОхиндоо бичсэн захидал– Р᠂ Чойном-Choinom Ohindo Bichsen Zahidal

2024-07-30

1024

ᠥᠬᠢᠨ ᠳ᠋ᠦ᠍ ᠪᠡᠨ ᠪᠢᠴᠢᠭᠰᠡᠨ ᠵᠠᠬᠢᠳᠠᠯ

                ᠴᠣᠢᠨᠣᠮ 
ᠡᠨᠡ ᠯᠡ ᠨᠠᠰᠤᠨ ᠤ᠋ ᠮᠢᠨᠢ ᠭᠠᠷ ᠪᠢᠴᠢᠮᠡᠯ ᠦ᠋ᠨ 
ᠡᠴᠦᠰ ᠲᠦ᠋ᠨᠢ ᠲᠠᠯᠪᠢᠭᠰᠠᠨ ᠴᠠᠭ ᠰᠢᠭ᠋ 
ᠡᠨᠡ ᠬᠢᠵᠠᠭᠠᠷ ᠦᠭᠡᠢ ᠣᠷᠴᠢᠯᠠᠩ ᠤ᠋ᠨ ᠵᠠᠢ ᠳ᠋ᠤ᠌ 
ᠡᠰ ᠰᠢᠷᠭᠢᠭ ᠪᠣᠯᠤᠩᠬᠠᠨ ᠦᠯᠡᠳᠡᠬᠦ 
ᠡᠷ᠎ᠡ ᠪᠡᠶ᠎ᠡ ᠶ᠋ᠢᠨ ᠮᠢᠨᠢ ᠥᠬᠢᠨ ᠬᠡᠯᠲᠡᠷᠬᠡᠢ 
ᠡᠷᠳᠡᠨᠢ ᠮᠡᠲᠦ ᠦᠷ᠎ᠡ ᠮᠢᠨᠢ ᠠ᠋!  

ᠤᠨᠤᠭ᠎ᠠ ᠠᠯᠳᠠᠭ᠎ᠠ ᠬᠣᠶᠠᠷ ᠠᠯᠠᠭᠯᠠᠬᠤ 
ᠣᠷᠴᠢᠯᠠᠩ ᠤ᠋ᠨ ᠳᠠᠩᠰᠠᠨ ᠤ᠋ ᠲᠠᠪᠠᠭ ᠤ᠋ᠨ ᠳᠡᠭᠡᠷ᠎ᠡ 
ᠣᠷᠴᠢᠨ ᠴᠠᠭ ᠪᠢᠳᠡ ᠬᠣᠶᠠᠷ ᠢ᠋ 
ᠣᠨᠣᠯ ᠤ᠋ᠨ ᠲᠤᠬᠠᠢ ᠲᠠᠢ ᠲᠡᠩᠴᠡᠭᠦᠯᠵᠦ ᠦᠵᠡᠬᠦ 
ᠣᠢᠷᠠᠳᠴᠤ ᠪᠣᠢ ᠬᠣᠷᠢᠨ ᠨᠢᠭᠡᠳᠦᠭᠡᠷ ᠵᠠᠭᠤᠨ ᠤ᠋ 
ᠥᠬᠢᠨ ᠬᠣᠩᠭᠣᠷ ᠦᠷ᠎ᠡ ᠮᠢᠨᠢ ᠠ᠋!  

ᠥᠪᠡᠷ ᠲᠦ᠍ ᠴᠢᠨᠢ ᠵᠣᠷᠢᠭᠤᠯᠵᠤ ᠡᠯ᠎ᠡ ᠵᠠᠬᠢᠳᠠᠯ ᠢ᠋ 
ᠥᠴᠦᠬᠡᠨ ᠠᠷᠠᠳ ᠷᠢᠨᠴᠢᠨ ᠦ᠌ ᠴᠣᠢᠨᠣᠮ
ᠡᠪᠦᠭᠡᠷᠡᠵᠦ ᠰᠤᠯᠠᠷᠠᠭᠰᠠᠨ ᠲᠤᠷᠠᠩᠬᠠᠢ ᠭᠠᠷ ᠢ᠋ᠶ᠋ᠠᠷ ᠢ᠋ᠶ᠋ᠠᠨ
ᠥᠷᠯᠥᠭᠡ ᠦᠳᠡᠰᠢ ᠶ᠋ᠢᠨ ᠵᠠᠪ ᠲᠤ᠌ ᠪᠢᠴᠢᠯ᠎ᠡ

ᠤᠨᠲᠠᠷᠠᠬᠤ ᠳᠤᠷᠠᠲᠠᠢ ᠬᠣᠲᠠ ᠶ᠋ᠢᠨ ᠭᠡᠷᠡᠯ ᠳ᠋ᠦ᠍
ᠤᠩᠰᠢᠬᠤ ᠳᠤᠲᠠᠭᠤ ᠨᠣᠮ ᠤ᠋ᠨ ᠴᠢᠯᠥᠭᠡᠨ ᠳ᠋ᠦ᠍
ᠠᠭᠤᠯᠵᠠᠬᠤ ᠨᠥᠬᠥᠳ ᠪᠢᠰᠢᠯᠭᠠᠬᠤ ᠪᠣᠳᠣᠯ ᠢ᠋
ᠤᠭᠲᠤᠬᠤ ᠦᠳᠡᠬᠦ ᠶ᠋ᠢᠨ ᠵᠠᠪᠰᠠᠷ ᠲᠤ᠌ ᠪᠢᠴᠢᠯ᠎ᠡ

ᠰᠢᠨ᠎ᠡ ᠦᠰᠦᠭ ᠦ᠋ᠨ ᠡᠯᠧᠮᠧᠨ᠋ᠲ ᠲᠦ᠍ ᠵᠠᠬᠢᠷᠤᠭᠳᠠᠭ᠎ᠠ ᠦᠭᠡᠢ
ᠰᠢᠷᠦᠭᠦᠨ ᠬᠠᠲᠠᠭᠤ ᠴᠢᠯᠠᠭᠤᠨ ᠭᠣᠷᠲᠢᠭ ᠰᠢᠭ᠋
ᠡᠨᠡ ᠠᠷᠰᠠᠭᠠᠷ ᠪᠢᠴᠢᠭ ᠢ᠋ ᠤᠩᠰᠢᠬᠤ ᠳ᠋ᠠᠭᠠᠨ ᠴᠢ
ᠡᠴᠢᠭᠡ ᠶ᠋ᠢ ᠪᠡᠨ ᠵᠢᠮᠡᠯᠡᠬᠦ ᠶ᠋ᠢ ᠪᠤᠤ ᠶᠠᠭᠠᠷᠠᠭᠠᠷᠠᠢ

ᠣᠳᠣᠨ ᠵᠢᠮᠡᠯᠡᠯ ᠬᠣᠶᠠᠷ ᠠ᠋ᠴᠠ
ᠣᠷᠴᠢᠯᠠᠩ ᠤ᠋ᠨ ᠬᠥᠮᠦᠨ ᠢᠶᠠᠨ ᠵᠠᠯᠬᠠᠬᠤ ᠴᠠᠭ ᠪᠣᠯᠵᠤ
ᠭᠡᠲᠡᠯ᠎ᠡ ᠬᠥᠮᠦᠨ ᠬᠥᠮᠦᠨ ᠢᠶᠠᠨ ᠲᠠᠨᠢᠬᠤ
ᠭᠡᠭᠡᠨ ᠦᠶ᠎ᠡ ᠡᠬᠢᠯᠡᠭᠡ ᠦᠭᠡᠢ ᠪᠠᠢᠨ᠎ᠠ

ᠵᠢᠷᠦᠬᠡ ᠰᠡᠳᠬᠢᠯ ᠦ᠋ᠨ ᠢᠶᠠᠨ ᠬᠠᠯᠠᠭᠤᠨ ᠭᠣᠣᠯ ᠠ᠋ᠴᠠ
ᠵᠡᠭᠦᠯᠲᠡᠲᠡᠢ ᠶᠠᠪᠤᠳᠠᠭ ᠥᠬᠢᠨ ᠴᠢᠨᠦ ᠪᠡᠨ
ᠵᠢᠰᠦ ᠶ᠋ᠢ ᠬᠠᠷᠠᠯ ᠦᠭᠡᠢ ᠡᠳᠦᠢ ᠪᠣᠯᠲᠠᠯ᠎ᠠ ᠪᠢ
ᠵᠢᠳᠬᠦᠭᠰᠡᠨ ᠴᠢᠭ ᠲᠡᠭᠡᠨ ᠭᠠᠭᠴᠠᠭᠠᠷ ᠢ᠋ᠶ᠋ᠠᠨ ᠮᠠᠴᠤᠯ᠎ᠠ

ᠭᠠᠭᠴᠠ ᠮᠣᠳᠣ ᠭᠠᠯ ᠪᠣᠯᠳᠠᠭ ᠦᠭᠡᠢ
ᠭᠠᠭᠴᠠ ᠬᠥᠮᠦᠨ ᠠᠢᠯ ᠪᠣᠯᠳᠠᠭ ᠦᠭᠡᠢ ᠭᠡᠵᠦ
ᠡᠪᠦᠭᠡᠳ ᠦ᠋ᠨ ᠦᠶ᠎ᠡ ᠶ᠋ᠢᠨ ᠰᠤᠷᠭᠠᠯ ᠪᠠᠢᠳᠠᠭ
ᠥᠨᠥ ᠪᠣᠯᠲᠠᠯ᠎ᠠ ᠪᠢ ᠠᠢᠯ ᠪᠣᠯᠤᠭᠰᠠᠨ ᠦᠭᠡᠢ

ᠣᠴᠢᠬᠤ ᠵᠠᠮ ᠤ᠋ᠨ  ᠢᠶᠠᠨ ᠦᠵᠦᠭᠦᠷ ᠲᠦ᠍ ᠬᠦᠷᠦᠭᠰᠡᠨ ᠦᠭᠡᠢ
ᠣᠷᠭᠢᠯ ᠳᠡᠭᠡᠷ᠎ᠡ ᠪᠡᠨ ᠲᠤᠭ ᠬᠠᠳᠬᠤᠭᠰᠠᠨ ᠦᠭᠡᠢ
ᠣᠷᠴᠢᠯᠠᠩ ᠠᠭᠤᠳᠠᠮ᠂ ᠪᠢ ᠥᠴᠦᠬᠡᠨ
ᠤᠨᠤᠭ᠎ᠠ ᠪᠠᠭ᠎ᠠ᠂ ᠠᠯᠳᠠᠭ᠎ᠠ ᠶᠡᠬᠡ ᠠ᠋

ᠮᠢᠬ᠎ᠠ ᠴᠢᠰᠤᠨ ᠤ᠋ ᠲᠠᠰᠤᠷᠬᠠᠢ ᠥᠬᠢᠨ ᠴᠢᠮᠠᠶ᠋ᠢ ᠮᠡᠨᠳᠦᠯᠡᠬᠦ ᠳ᠋ᠦ᠍
ᠮᠠᠨ ᠤ᠋ ᠬᠢ ᠭᠡᠳᠡᠭ ᠠᠢᠯ ᠪᠠᠢᠭᠰᠠᠨ ᠶᠤᠮ
ᠡᠵᠢ ᠠᠪᠤ ᠬᠣᠶᠠᠷ ᠴᠢᠨᠢ ᠪᠡᠶ᠎ᠡ ᠪᠡᠶ᠎ᠡ ᠪᠡᠨ ᠣᠢᠯᠠᠭᠠᠭ᠎ᠠ ᠦᠭᠡᠢ ᠡᠴᠡ
ᠡᠨᠡ ᠠᠢᠯ ᠪᠠᠢᠬᠤ ᠦᠭᠡᠢ ᠪᠣᠯᠤᠭᠰᠠᠨ ᠶᠤᠮ

ᠬᠣᠷᠸ᠎ᠠ ᠶ᠋ᠢᠨ ᠵᠢᠷᠭᠠᠯ ᠢ᠋ ᠬᠤᠭᠤᠷᠳᠠᠵᠤ ᠪᠠᠢᠭᠰᠠᠨ ᠬᠤᠭᠤᠷ ᠤ᠋ᠨ
ᠬᠣᠶᠠᠷ ᠴᠢᠪᠬᠠᠲᠠᠰᠤᠨ ᠤ᠋ ᠨᠢᠭᠡ ᠨᠢ ᠲᠠᠰᠤ ᠦᠰᠦᠷᠦᠭᠰᠡᠨ ᠶᠦᠮ
ᠬᠣᠯᠠ ᠶ᠋ᠢ ᠵᠣᠷᠢᠭᠰᠠᠭᠠᠷ ᠨᠢᠰᠴᠦ ᠶᠠᠪᠤᠭᠰᠠᠨ ᠰᠢᠪᠠᠭᠤᠨ ᠤ᠋
ᠬᠣᠣᠰ ᠵᠢᠭᠦᠷ ᠦ᠋ᠨ ᠨᠢᠭᠡ ᠨᠢ ᠠᠯᠠᠭ᠎ᠠ ᠪᠣᠯᠤᠭᠰᠠᠨ ᠶᠤᠮ

ᠠᠮᠢᠳᠤᠷᠠᠯ ᠤ᠋ᠨ ᠳᠠᠯᠠᠢ ᠳ᠋ᠤ᠌ ᠱᠤᠩᠪᠠᠵᠤ ᠣᠯᠤᠭᠰᠠᠨ
ᠠᠯᠳᠠᠩᠬᠠᠨ ᠰᠤᠪᠤᠳ ᠮᠢᠨᠢ ᠪᠣᠯᠤᠭᠰᠠᠨ
ᠬᠠᠢᠷᠠᠲᠤ ᠶ᠋ᠢ ᠪᠡᠨ ᠪᠢ ᠣᠢᠯᠠᠭᠠᠭᠰᠠᠨ ᠦᠭᠡᠢ

ᠬᠠᠢᠷ᠎ᠠ ᠶ᠋ᠢᠨ ᠬᠠᠯᠠᠭᠤᠨ ᠰᠡᠳᠬᠢᠯ ᠶᠡᠬᠡᠳᠡᠬᠦ ᠲᠣᠰᠤᠮ ᠢ᠋ᠶ᠋ᠠᠨ ᠡᠮᠵᠡᠭ
ᠬᠠᠨᠢᠯᠠᠵᠤ ᠶᠠᠪᠤᠬᠤ ᠶ᠋ᠢᠨ ᠢᠲᠡᠭᠡᠯ ᠬᠠᠲᠠᠭᠤ ᠲᠣᠰᠤᠮ ᠢ᠋ᠶ᠋ᠠᠨ ᠰᠣᠴᠢᠮᠠᠭ
ᠨᠠᠮ ᠭᠦᠮ ᠥᠷᠥᠭᠡᠨ ᠳ᠋ᠡᠭᠡᠨ ᠤᠬᠢᠯᠠᠨ ᠦᠯᠡᠳᠡᠵᠦ
ᠨᠠᠮᠤᠷ ᠤ᠋ᠨ ᠰᠠᠯᠬᠢᠨ ᠳ᠋ᠤ᠌ ᠤᠢᠳᠤᠨ ᠬᠣᠯᠠᠳᠠᠭᠰᠠᠨ ᠶᠤᠮ᠃

ᠴᠢ ᠨᠠᠮᠠᠶ᠋ᠢ ᠠᠭᠤᠴᠢᠯᠠᠭᠠᠷᠠᠢ! ᠴᠠᠭᠠᠰᠢ ᠳᠠᠬᠢ ᠨᠠᠷᠢᠨ ᠤᠴᠢᠷ ᠨᠠᠴᠢᠷ ᠢ᠋
ᠴᠢᠮ᠎ᠠ ᠳ᠋ᠤ᠌ ᠬᠡᠯᠡᠵᠦ ᠴᠢᠳᠠᠬᠤ ᠦᠭᠡᠢ ᠨᠢ᠂
ᠬᠡᠯᠡᠵᠦ ᠴᠢᠳᠠᠬᠤ ᠴᠣᠷ ᠤ᠋ᠨ ᠭᠠᠭᠴᠠ ᠦᠨᠡᠨ ᠪᠣᠯ
ᠬᠡᠯᠬᠢᠬᠦ ᠰᠢᠯᠦᠭ ᠲᠡᠭᠡᠨ ᠪᠢ ᠳᠡᠩᠳᠡᠭᠦᠦ ᠬᠠᠢᠷᠠᠲᠠᠢ ᠶᠠᠪᠤᠯ᠎ᠠ

ᠥᠬᠢᠨ ᠴᠢᠮᠠᠶ᠋ᠢ ᠲᠥᠷᠥᠭᠦᠯᠬᠦ ᠭᠡᠵᠦ ᠡᠵᠢ ᠶ᠋ᠢᠨ ᠴᠢᠨᠢ ᠡᠪᠡᠳᠦᠭᠰᠡᠨ ᠰᠢᠭ
ᠣᠶᠤᠨ ᠰᠡᠳᠬᠢᠯ ᠢ᠋ᠶ᠋ᠡᠷ ᠢᠶᠠᠨ ᠪᠢ ᠡᠪᠡᠳᠦᠨ ᠡᠪᠡᠳᠦᠨ ᠪᠠᠢᠵᠤ
ᠪᠡᠶ᠎ᠡ ᠶ᠋ᠢᠨ ᠴᠢᠰᠤ ᠪᠣᠳᠣᠯ ᠤ᠋ᠨ  ᠢᠶᠠᠨ ᠴᠢᠰᠤ ᠶ᠋ᠢ ᠲᠤᠰᠤᠭᠠᠩᠬᠠᠨ
ᠪᠢᠴᠢᠭ ᠦ᠋ᠨ ᠴᠠᠭᠠᠰᠤᠨ᠎ᠠ ᠰᠢᠯᠦᠭ ᠶᠦ᠍ᠭᠡᠨ ᠲᠥᠷᠥᠭᠦᠯᠵᠦ ᠶᠠᠪᠤᠯ᠎ᠠ

ᠥᠬᠢᠨ ᠢ᠋ ᠮᠢᠨᠢ ᠥᠨᠦᠴᠢᠷᠡᠭᠦᠯᠦᠭᠰᠡᠨ ᠶᠦᠮ ᠳᠡ ᠭᠡᠵᠦ ᠡᠵᠢ ᠴᠢᠨᠢ
ᠣᠳᠣ ᠪᠣᠯᠲᠠᠯ᠎ᠠ ᠨᠠᠮᠠᠶ᠋ᠢ ᠵᠢᠮᠡᠯᠡᠵᠦ ᠰᠠᠭᠤᠳᠠᠭ ᠪᠢᠵᠡ
ᠰᠢᠯᠦᠭ ᠢ᠋ ᠮᠢᠨᠢ ᠥᠨᠦᠴᠢᠷᠡᠭᠦᠯᠦᠭᠰᠡᠨ ᠳᠡ ᠭᠡᠵᠦ ᠪᠢ
ᠰᠡᠭᠦᠷᠡᠰᠦ ᠠᠯᠳᠠᠬᠤ ᠬᠠᠶᠠ ᠡᠵᠢ ᠶ᠋ᠢᠨ ᠴᠢᠨᠢ ᠲᠤᠬᠠᠢ ᠪᠣᠳᠣᠳᠠᠭ

ᠭᠡᠪᠡᠴᠦ ᠪᠢ ᠡᠵᠢ ᠳ᠋ᠦ᠍ ᠴᠢᠨᠢ ᠥᠰᠢᠷᠡᠳᠡᠭ ᠦᠭᠡᠢ᠂ ᠥᠷᠦᠪᠳᠦᠳᠡᠭ
ᠭᠡᠮᠰᠢᠵᠦ ᠬᠠᠢᠷᠠᠯᠠᠵᠤ ᠰᠠᠨᠠᠭᠰᠠᠭᠠᠷ ᠶᠠᠪᠤᠳᠠᠭ ᠶᠤᠮ
ᠠᠮᠠ ᠪᠦᠯᠢ ᠮᠢᠨᠢ ᠲᠤᠰ ᠲᠠᠭᠠᠨ ᠴᠤ᠌ ᠲᠡᠷᠡ ᠪᠢᠳᠡ ᠬᠣᠶᠠᠷ
ᠠᠷᠠᠳ ᠲᠦᠮᠡᠨ ᠦ᠌ ᠪᠡᠨ ᠲᠥᠯᠥᠭᠡ ᠲᠡᠮᠡᠴᠡᠯ ᠪᠦᠲᠦᠭᠡᠯ ᠴᠣᠭ ᠲᠠᠭᠠᠨ


ᠣᠷᠴᠢᠯᠠᠩ ᠠ᠋ᠴᠠ ᠪᠢᠳᠡ ᠥᠪᠡᠷ ᠥᠪᠡᠷ ᠦ᠋ᠨ ᠵᠠᠮ ᠢ᠋ᠶ᠋ᠠᠷ ᠪᠤᠴᠠᠪᠠᠴᠤ
ᠥᠬᠢᠨ ᠰᠢᠯᠦᠭ ᠬᠣᠶᠠᠷ ᠢ᠋ᠶ᠋ᠠᠨ ᠬᠣᠢᠴᠢ ᠦᠶ᠎ᠡ ᠳ᠋ᠡᠭᠡᠨ ᠦᠯᠡᠳᠡᠭᠡᠨ᠎ᠡ
ᠢᠷᠠᠭᠤ ᠨᠠᠢᠷᠠᠭ ᠲᠠ ᠬᠣᠶᠠᠷ ᠳᠠᠷᠠᠭ᠎ᠠ ᠶ᠋ᠢᠨ ᠵᠠᠭᠤᠨ ᠳ᠋ᠤ᠌
ᠶᠠᠯ᠎ᠠ ᠭᠠᠪᠢᠶ᠎ᠠ ᠬᠣᠶᠠᠷ ᠢ᠋ ᠮᠢᠨᠢ ᠡᠭᠦᠷᠴᠦ ᠣᠴᠢᠬᠤ ᠪᠣᠯᠤᠨ᠎ᠠ

ᠬᠦᠢᠲᠡᠨ ᠵᠢᠪᠠᠷ᠂ ᠬᠠᠲᠠᠭᠤ ᠵᠠᠮ ᠳ᠋ᠤ᠌ ᠬᠡᠯᠬᠢᠵᠦ ᠶᠠᠪᠤᠭᠰᠠᠨ
ᠬᠦᠰᠡᠯ ᠦ᠋ᠨ ᠳᠠᠭᠤᠤ᠂ ᠬᠠᠢᠷ᠎ᠠ ᠶ᠋ᠢᠨ ᠥᠴᠢᠭ ᠰᠢᠯᠦᠭ ᠦ᠋ᠳ ᠢ᠋ ᠮᠢᠨᠢ
ᠮᠢᠨᠦ ᠥᠬᠢᠨ ᠴᠢ᠂ ᠴᠢᠨᠦ ᠦᠶ᠎ᠡ ᠶ᠋ᠢᠨ ᠬᠢᠨ ᠤᠩᠰᠢᠬᠤ ᠳ᠋ᠠᠭᠠᠨ
ᠮᠢᠨᠦ ᠦᠶ᠎ᠡ ᠶ᠋ᠢ ᠴᠢᠨᠦ ᠨᠢᠳᠦ ᠪᠡᠷ ᠬᠠᠷᠠᠬᠤ ᠪᠣᠯᠤᠨ᠎ᠠ

ᠨᠠᠢᠷᠠᠭᠴᠢ ᠭᠡᠵᠦ ᠦᠵᠡᠵᠦ ᠨᠠᠳᠠ ᠳ᠋ᠤ᠌ ᠲᠡᠳᠡ ᠲᠠᠯᠠᠷᠬᠠᠪᠠᠯ
ᠨᠠᠮᠠᠶ᠋ᠢ ᠲᠥᠯᠥᠭᠡᠯᠡᠵᠦ ᠥᠬᠢᠨ ᠮᠢᠨᠢ ᠴᠢ ᠪᠠᠶᠠᠷᠯᠠᠭᠠᠷᠠᠢ
ᠠᠯᠳᠠᠭᠰᠠᠨ ᠤᠨᠤᠭᠰᠠᠨ ᠢ᠋ ᠮᠢᠨᠢ ᠰᠢᠭᠦᠨ ᠲᠤᠩᠭᠠᠪᠠᠯ
ᠠᠪᠤ ᠶ᠋ᠢ ᠪᠡᠨ ᠲᠥᠯᠥᠭᠡᠯᠡᠵᠦ ᠢᠷᠦᠭᠡᠯ ᠢ᠋ ᠴᠦ᠍᠂ ᠬᠠᠷᠢᠶᠠᠯ ᠢ᠋ ᠴᠦ᠍ ᠴᠢ ᠭᠥᠷᠳᠡᠭᠡᠷᠡᠢ

ᠬᠡᠷᠪᠡ ᠨᠠᠮᠠᠶ᠋ᠢ ᠰᠠᠢᠨ ᠬᠥᠮᠦᠨ ᠪᠠᠢᠭᠰᠠᠨ ᠶᠤᠮ ᠭᠡᠪᠡᠯ ᠪᠤᠤ ᠦᠨᠡᠮᠰᠢᠭᠡᠷᠡᠢ
ᠬᠡᠵᠢᠶ᠎ᠡ ᠴᠦ᠍ ᠭᠡᠰᠡᠨ ᠶᠠᠭᠤᠮ᠎ᠠ ᠦᠨᠡᠨ ᠢ᠋ᠶ᠋ᠡᠷ ᠢᠶᠠᠨ ᠨᠢ ᠳᠡᠭᠡᠷ᠎ᠡ
ᠥᠬᠢᠨ ᠢᠶᠠᠨ ᠲᠣᠬᠣᠢ ᠶ᠋ᠢᠨ ᠴᠢᠨᠡᠭᠡᠨ ᠨᠢᠯᠬ᠎ᠠ ᠳ᠋ᠤᠨᠢ
ᠣᠷᠬᠢᠭᠠᠳ ᠶᠠᠪᠤᠭᠰᠠᠨ ᠠᠪᠤ ᠰᠠᠢᠨ ᠬᠥᠮᠦᠨ ᠪᠠᠢᠵᠤ ᠪᠣᠯᠬᠤ ᠤᠤ ᠳᠠ

ᠦᠶ᠎ᠡ ᠶ᠋ᠢᠨ ᠬᠢᠨ ᠳ᠋ᠦ᠍ ᠮᠠᠨᠢ ᠬᠠᠷᠢᠨ ᠰᠠᠢᠨ ᠬᠥᠮᠦᠨ ᠣᠯᠠᠨ ᠪᠠᠢᠭᠰᠠᠨ ᠶᠤᠮ
ᠡᠭᠦᠨ ᠢ᠋ ᠴᠢ ᠨᠠᠳᠠ ᠪᠠᠷ ᠪᠢᠰᠢ ᠪᠤᠰᠤᠳ ᠢ᠋ᠶ᠋ᠠᠷ ᠬᠡᠮᠵᠢᠭᠡᠷᠡᠢ
ᠦᠦᠷ ᠴᠦᠤᠷ ᠢ᠋ᠶ᠋ᠠᠷ ᠴᠢᠮᠠᠶ᠋ᠢ ᠪᠦᠪᠡᠢᠯᠡᠵᠦ ᠰᠠᠭᠤᠭᠰᠠᠨ ᠡᠵᠢ ᠪᠡᠷ ᠢᠶᠠᠨ ᠬᠡᠮᠵᠢᠭᠡᠷᠡᠢ
ᠦᠬᠦᠯ ᠡᠴᠡ ᠴᠢᠮᠠᠶ᠋ᠢ ᠠᠪᠤᠷᠠᠵᠤ ᠶᠠᠪᠤᠭᠰᠠᠨ ᠡᠮᠴᠢ ᠨᠠᠷ ᠢ᠋ᠶ᠋ᠠᠷ ᠢ᠋ᠶ᠋ᠠᠨ ᠬᠡᠮᠵᠢᠭᠡᠷᠡᠢ

《 ᠠ》 ᠦᠰᠦᠭ ᠵᠢᠭᠠᠭᠰᠠᠨ ᠪᠠᠭᠰᠢ ᠨᠠᠷ ᠢ᠋ᠶ᠋ᠠᠷ ᠢ᠋ᠶ᠋ᠠᠨ ᠬᠡᠮᠵᠢᠭᠡᠷᠡᠢ
ᠠᠮᠲᠠᠲᠠᠨ ᠢ᠋ ᠢᠳᠡᠭᠦᠯᠵᠦ ᠦᠩᠭᠡᠲᠡᠨ ᠢ᠋ ᠡᠮᠦᠰᠬᠡᠵᠦ
ᠠᠪᠤ ᠶ᠋ᠢᠨ ᠴᠢᠨᠢ ᠣᠷᠣᠨ ᠳ᠋ᠤ᠌ ᠠᠪᠤ ᠪᠣᠯᠵᠤ ᠶᠠᠪᠤᠭᠰᠠᠨ
ᠠᠷᠠᠳ ᠲᠦᠮᠡᠨ ᠴᠢᠨᠢ ᠰᠠᠢᠨ ᠬᠥᠮᠦᠰ ᠪᠠᠢᠭᠰᠠᠨ ᠶᠤᠮ ᠰᠢᠦ

ᠡᠴᠢᠭᠡ ᠶ᠋ᠢ ᠴᠢᠨᠢ ᠬᠠᠷᠢᠨ ᠮᠠᠭᠤ ᠡᠷ᠎ᠡ ᠪᠠᠢᠭᠰᠠᠨ ᠶᠤᠮ ᠭᠡᠪᠡᠯ
ᠡᠰᠡᠷᠭᠦᠴᠡᠬᠦ ᠬᠡᠷᠡᠭ ᠦᠭᠡᠢ᠂ ᠪᠣᠳᠣᠬᠤ ᠬᠡᠷᠡᠭᠲᠡᠢ
ᠪᠢᠲᠡᠭᠡᠢ ᠥᠮᠥᠭᠡᠷᠡᠭᠡᠷᠡᠢ᠂ ᠪᠢᠲᠡᠭᠡᠢ ᠭᠤᠳᠤᠷᠠᠭᠠᠷᠠᠢ ᠮᠢᠨᠦ ᠥᠬᠢᠨ
ᠪᠢ ᠮᠠᠭᠤ ᠡᠷ᠎ᠡ ᠪᠠᠢᠭᠰᠠᠨ ᠶᠤᠮ᠂ ᠦᠨᠡᠨ ᠠ᠋!


ᠲᠡᠮᠡᠴᠡᠯ ᠦ᠋ᠨ ᠰᠡᠯᠡᠮ᠎ᠡ ᠢᠳᠡ ᠨᠠᠰᠤᠨ ᠳ᠋ᠠᠭᠠᠨ ᠪᠢ
ᠲᠡᠷᠭᠡᠨ ᠦ᠌ ᠮᠣᠷᠢ ᠰᠢᠭ᠋ ᠮᠥᠷ ᠢ᠋ᠶ᠋ᠡᠷ ᠢᠶᠠᠨ ᠬᠡᠯᠲᠦᠷᠢᠵᠦ
ᠨᠤᠲᠤᠭᠷᠠᠬᠠᠭ ᠦᠵᠡᠯ᠂ ᠡᠷᠳᠡᠮ ᠦᠭᠡᠢ ᠪᠦᠳᠦᠭᠦᠯᠢᠭ ᠦ᠋ᠨ ᠡᠮᠦᠨ᠎ᠡ
ᠨᠢᠷᠤᠭᠤ ᠪᠥᠬᠥᠢᠵᠦ ᠥᠩᠭᠡᠷᠡᠭᠰᠡᠨ ᠪᠢ ᠮᠠᠭᠤ ᠡᠷ᠎ᠡ ᠠ᠋!

ᠬᠡᠯᠡᠭᠡᠢᠴᠦᠳ ᠪᠠᠭ᠎ᠠ ᠶᠠᠰᠤᠲᠠᠨ ᠤ᠋ ᠬᠠᠯᠳᠠᠪᠤᠷᠢᠲᠤ ᠡᠪᠡᠳᠴᠢᠨ ᠰᠢᠭ
ᠬᠡᠪᠯᠡᠯ᠂ ᠷᠠᠳᠢᠣ᠋᠂ ᠰᠤᠷᠭᠠᠭᠤᠯᠢ ᠶ᠋ᠢ ᠭᠤᠲᠤᠭᠠᠵᠤ
ᠦᠰᠦᠭ ᠪᠢᠴᠢᠭ ᠦ᠋ᠨ ᠢᠶᠠᠨ ᠮᠢᠩᠭᠠᠨ ᠵᠢᠯ ᠦ᠋ᠨ ᠶᠡᠬᠡ ᠰᠣᠶᠣᠯ ᠢ᠋
ᠦᠭᠡᠢᠰᠬᠡᠵᠦ ᠪᠠᠢᠬᠤ ᠳ᠋ᠤ᠌ ᠲᠡᠮᠡᠴᠡᠵᠦ ᠴᠢᠳᠠᠭ᠎ᠠ ᠦᠭᠡᠢ ᠪᠢ ᠮᠠᠭᠤ ᠡᠷ᠎ᠡ ᠠ᠋!

ᠤᠶᠠᠩᠭᠠᠲᠤ ᠬᠥᠭᠵᠢᠮ ᠦ᠋ᠨ ᠣᠷᠣᠨ ᠳ᠋ᠤ᠌ ᠡᠰᠲ᠋ᠷᠡᠲ ᠦ᠋ᠨ ᠬᠠᠨᠢᠶᠠᠯᠭ᠎ᠠ ᠬᠠᠯᠳᠠᠵᠤ ᠪᠠᠢᠬᠤ ᠳ᠋ᠤ᠌
ᠤᠷᠠᠨ ᠵᠢᠷᠤᠭ ᠤ᠋ᠨ ᠣᠷᠣᠨ ᠳ᠋ᠤ᠌ ᠡᠷᠢᠶᠡᠨ ᠰᠢᠪᠠᠷᠳᠠᠯᠭ᠎ᠠ ᠳᠡᠯᠭᠡᠷᠡᠵᠦ ᠪᠠᠢᠬᠤ ᠳ᠋ᠤ᠌
ᠤᠳᠬ᠎ᠠ ᠵᠣᠬᠢᠶᠠᠯ ᠭᠠᠭᠴᠠ ᠬᠡᠪ ᠦ᠋ᠨ ᠨᠣᠮᠯᠠᠯ ᠪᠣᠯᠵᠤ ᠪᠠᠢᠬᠤ ᠳ᠋ᠤ᠌
ᠤᠰᠤ ᠪᠠᠯᠭᠤᠭᠰᠠᠨ ᠮᠡᠲᠦ ᠳᠤᠭᠤᠢ ᠶᠠᠪᠤᠭᠰᠠᠨ ᠪᠢ ᠮᠠᠭᠤ ᠡᠷ᠎ᠡ ᠬᠥᠮᠦᠨ!

ᠡᠢᠮᠦ ᠡᠷᠡᠴᠦᠳ ᠮᠢᠨᠦ ᠦᠶ᠎ᠡ ᠳ᠋ᠦ᠍ ᠶᠡᠬᠡ ᠣᠯᠠᠨ ᠪᠠᠢᠯ᠎ᠠ᠂ ᠥᠬᠢᠨ ᠮᠢᠨᠢ
ᠢᠷᠡᠭᠡᠳᠦᠢ ᠲᠠᠨ᠎ᠠ ᠡᠭᠦᠨ ᠦ᠌ ᠤᠴᠢᠷ ᠢᠴᠢᠵᠦ ᠪᠠᠢᠨ᠎ᠠ
ᠮᠢᠨᠦ ᠪᠡᠶ᠎ᠡ
ᠮᠢᠨᠦ ᠦᠶ᠎ᠡ᠃

ᠲᠡᠭᠡᠪᠡᠴᠦ ᠶᠠᠭᠤᠮ᠎ᠠ ᠮᠡᠳᠡᠬᠦ ᠦᠭᠡᠢ ᠳ᠋ᠡᠭᠡᠨ ᠢᠩᠭᠢᠵᠦ ᠳᠤᠭᠤᠢ ᠪᠠᠢᠭᠰᠠᠨ ᠶᠤᠮ ᠪᠢᠰᠢ ᠠ᠋
ᠲᠡᠪᠴᠢᠶᠡᠷᠢ ᠮᠢᠨᠢ ᠳᠡᠩᠳᠡᠭᠡᠳ ᠠᠯᠳᠠᠩᠬᠠᠨ ᠴᠠᠭ ᠢ᠋ᠶ᠋ᠠᠨ ᠠᠯᠳᠠᠭᠰᠠᠨ ᠶᠤᠮ
ᠵᠡᠪᠰᠡᠭ ᠣᠨᠢᠯᠠᠵᠤ ᠬᠢᠯᠢ ᠥᠩᠭᠡᠢᠭᠰᠡᠨ ᠳᠠᠢᠰᠤᠨ ᠳ᠋ᠠᠭᠠᠨ ᠪᠢᠳᠡ ᠳᠡᠢᠯᠳᠡᠭᠡ ᠦᠭᠡᠢ ᠪᠠᠢᠵᠤ
ᠵᠡᠷᠭᠡᠴᠡᠨ ᠰᠠᠭᠤᠵᠤ ᠬᠤᠨᠳᠠᠭ᠎ᠠ ᠡᠷᠭᠦᠭᠰᠡᠨ ᠳᠠᠮᠫᠤᠭᠤᠷᠠᠯ ᠳ᠋ᠠᠭᠠᠨ ᠪᠢᠳᠡ ᠳᠡᠢᠯᠲᠡᠭᠰᠡᠨ ᠶᠦᠮ

ᠬᠥᠮᠦᠨ ᠲᠥᠷᠥᠯᠬᠢᠲᠡᠨ ᠦ᠌ ᠶᠠᠳᠠᠭᠤᠷᠠᠯ ᠲᠡᠮᠡᠴᠡᠯ ᠦ᠋ᠨ ᠶᠡᠬᠡ ᠰᠤᠷᠭᠠᠭᠤᠯᠢ
ᠬᠥᠷᠥᠩᠭᠡᠲᠦ ᠨᠡᠢᠭᠡᠮ ᠢ᠋ ᠠᠯᠭᠠᠰᠠᠭᠰᠠᠨ ᠤ᠋ ᠮᠠᠨᠢ ᠭᠠᠢ᠂ ᠡᠨᠡ ᠳᠠᠮᠫᠤᠭᠤᠷᠤᠯ
ᠮᠠᠭᠠᠳ ᠦᠭᠡᠢ ᠲᠠ ᠨᠠᠷ ᠲᠠᠢ ᠴᠣᠭ ᠪᠠᠰᠠ ᠬᠡᠯᠡᠭᠡᠢ ᠭᠢᠲ᠋ᠠᠷ ᠪᠠᠯᠪᠠᠵᠤ
ᠮᠠᠢᠯᠠᠬᠤ ᠮᠡᠲᠦ ᠳᠠᠭᠤᠯᠠᠵᠤ᠂ ᠶᠣᠣᠯᠠᠬᠤ ᠮᠡᠲᠦ ᠪᠥᠵᠢᠭᠯᠡᠵᠦ ᠪᠠᠢᠬᠤ ᠶ᠋ᠢ ᠬᠡᠨ ᠪᠠᠢᠭ ᠭᠡᠬᠦ ᠪᠣᠢ

ᠴᠠᠭ ᠵᠠᠭᠤᠷ᠎ᠠ ᠶ᠋ᠢᠨ ᠤᠷᠤᠰᠬᠠᠯ ᠳ᠋ᠤ᠌ ᠲᠠ ᠨᠠᠷ ᠪᠠᠰᠠ ᠲᠠᠢᠯᠳᠠᠵᠤ
ᠴᠠᠰᠤ ᠪᠣᠷᠣᠭᠠᠨ ᠤ᠋ ᠬᠣᠨᠢ ᠮᠠᠯ ᠪᠠᠰᠠ ᠬᠤᠢᠯᠠᠷᠠᠨ ᠳᠠᠪᠬᠢᠬᠤ ᠤᠤ
ᠠᠹᠷᠢᠺᠠ ᠶ᠋ᠢᠨ᠃ ᠫᠢᠷᠠᠮᠢᠳ᠋᠂ ᠹᠠᠺᠰ ᠤ᠋ᠨ ᠬᠥᠰᠢᠶ᠎ᠡ᠂ ᠢᠨᠺᠣ ᠶ᠋ᠢᠨ ᠳᠤᠭᠠᠩ ᠰᠢᠭ᠋
ᠠᠵᠢᠷᠠᠬᠤ ᠴᠤ᠌ ᠦᠭᠡᠢ ᠵᠣᠭᠰᠣᠬᠤ ᠣᠨ ᠴᠠᠭ ᠢ᠋ ᠲᠤᠭᠤᠯᠵᠤ ᠴᠢᠳᠠᠬᠤ ᠦᠭᠡᠢ ᠶᠦᠮ ᠭᠡᠵᠦ ᠦᠦ

ᠪᠠᠢᠭᠠᠯᠢ ᠶ᠋ᠢᠨ ᠭᠠᠯᠪᠠ ᠶ᠋ᠢᠨ ᠬᠠᠭᠠᠨᠴᠢᠯᠠᠯ ᠤ᠋ᠨ ᠡᠮᠦᠨ᠎ᠡ
ᠪᠠᠰᠠ ᠯᠠ ᠲᠠ ᠨᠠᠷ ᠪᠢᠳᠡᠨ ᠰᠢᠭ  ᠲᠣᠯᠣᠭᠠᠢ ᠨᠢ ᠡᠷᠭᠢᠵᠦ
ᠪᠠᠢᠭ᠎ᠠ ᠪᠠᠨ ᠪᠠᠢᠬᠤ ᠦᠭᠡᠢ ᠭᠡᠵᠦ᠂ ᠪᠠᠢᠬᠤ ᠦᠭᠡᠢ ᠪᠡᠨ ᠮᠠᠷᠲᠠᠵᠤ ᠮᠠᠷᠭᠤᠵᠤ
ᠪᠠᠲᠤᠯᠠᠬᠤ ᠭᠡᠰᠡᠨ ᠢᠶᠠᠨ ᠡᠯᠪᠡᠵᠦ ᠮᠠᠭᠤᠯᠠᠭᠰᠠᠭᠠᠷ ᠥᠩᠭᠡᠷᠡᠬᠦ ᠦᠦ?

ᠥᠪᠡᠷ ᠦ᠋ᠨ ᠢᠶᠠᠨ ᠰᠡᠭᠦᠳᠡᠷ ᠡᠴᠡ ᠠᠶᠤᠭᠰᠠᠨ ᠬᠥᠮᠦᠨ ᠰᠢᠭ
ᠡᠪᠦᠭᠡ ᠲᠡᠦᠬᠡ ᠡᠴᠡ ᠪᠡᠨ ᠪᠠᠰᠠ ᠯᠠ ᠠᠶᠤᠵᠤ
ᠪᠤᠷᠤᠭᠤ ᠪᠦᠬᠦᠨ ᠢ᠋ ᠡᠮᠦᠨᠡᠬᠢ ᠦᠶ᠎ᠡ ᠤᠷᠤᠭᠤ ᠪᠠᠨ ᠴᠢᠬᠢᠭᠰᠡᠨ
ᠪᠤᠷᠤᠩᠬᠤᠢ ᠡᠳᠦᠷ ᠦ᠋ᠳ ᠦᠷᠭᠦᠯᠵᠢᠯᠡᠬᠦ ᠪᠣᠯᠪᠠ ᠤᠤ

ᠨᠠᠰᠤ ᠪᠠᠷ ᠠᠬᠠᠮᠠᠳ ᠪᠦᠬᠦᠨ ᠢ᠋ ᠶᠠᠭᠤᠮ᠎ᠠ ᠮᠡᠳᠡᠬᠦ ᠦᠭᠡᠢ ᠭᠡᠵᠦ
《 ᠨᠠᠳᠠ ᠠ᠋ᠴᠠ ᠯᠠ ᠰᠣᠶᠣᠯ ᠢᠷᠭᠡᠨᠰᠢᠯ ᠡᠬᠢᠯᠡᠵᠦ ᠪᠠᠢᠨ᠎ᠠ》 ᠭᠡᠵᠦ
ᠡᠨᠡ ᠦᠶ᠎ᠡ ᠶ᠋ᠢᠨ ᠮᠢᠨᠢ ᠣᠯᠠᠨ ᠣᠯᠠᠨ ᠵᠠᠯᠠᠭᠤ ᠬᠥᠮᠦᠨ ᠰᠢᠭ
ᠡᠷᠭᠢᠭᠦᠲᠦᠵᠦ ᠲᠠ ᠨᠠᠷ ᠤ᠋ᠨ ᠦᠶ᠎ᠡ ᠪᠠᠰᠠ ᠠᠯᠳᠠᠬᠤ ᠪᠣᠯᠪᠠ ᠤᠤ

ᠬᠣᠩᠭᠣᠷ ᠥᠬᠢᠨ ᠮᠢᠨᠢ ᠴᠢ ᠮᠡᠳᠡᠲᠦᠭᠡᠢ
ᠬᠣᠷᠢᠨ ᠨᠢᠭᠡᠳᠦᠭᠡᠷ ᠵᠠᠭᠤᠨ ᠤ᠋ ᠲᠠ ᠨᠠᠷ ᠪᠤᠳᠤᠲᠤᠭᠠᠢ!
ᠬᠣᠵᠢᠮ ᠤ᠋ᠨ ᠲᠠ ᠨᠠᠷ ᠤ᠋ᠨ ᠪᠡᠶ᠎ᠡ ᠬᠤᠪᠴᠠᠰᠤ ᠬᠣᠶᠠᠷ ᠰᠢᠨ᠎ᠡ ᠪᠣᠯᠬᠤ ᠠ᠋ᠴᠠ
ᠬᠣᠷᠸ᠎ᠠ᠂ ᠣᠶᠤᠨ ᠬᠣᠶᠠᠷ ᠰᠢᠨ᠎ᠡ ᠪᠢᠰᠢ ᠰᠢᠦ

ᠡᠷᠭᠢᠬᠦ ᠴᠠᠭ ᠢ᠋ᠶ᠋ᠠᠷ ᠬᠤᠪᠴᠠᠰᠤ ᠵᠠᠭᠪᠤᠷ ᠬᠣᠶᠠᠷ ᠬᠠᠭᠤᠴᠢᠷᠠᠳᠠᠭ
ᠡᠷᠳᠡᠮ ᠴᠢᠳᠠᠯ᠂ ᠬᠥᠮᠦᠨ ᠦ᠌ ᠤᠬᠠᠭᠠᠨ ᠬᠣᠶᠠᠷ ᠬᠡᠵᠢᠶ᠎ᠡ ᠴᠦ᠍ ᠬᠠᠭᠤᠴᠢᠷᠠᠳᠠᠭ ᠦᠭᠡᠢ
ᠡᠨᠡ ᠪᠢᠳᠡᠨ ᠦ᠌ ᠦᠶ᠎ᠡ ᠳ᠋ᠦ᠍ ᠤᠴᠢᠷ ᠢ᠋ ᠨᠢ ᠣᠯᠤᠭ᠎ᠠ ᠦᠭᠡᠢ ᠣᠯᠠᠨ ᠨᠡᠭᠡᠭᠡᠯᠲᠡ ᠶ᠋ᠢ
ᠡᠷᠲᠡ ᠪᠠᠯᠠᠷ ᠤ᠋ᠨ ᠬᠥᠮᠦᠨ ᠲᠥᠷᠥᠯᠬᠢᠲᠡᠨ ᠦᠯᠡᠳᠡᠭᠡᠭᠰᠡᠨ ᠶᠦᠮ ᠰᠢᠦ

ᠮᠠᠭᠠᠳ ᠦᠭᠡᠢ ᠲᠠ ᠨᠠᠷ ᠤ᠋ᠨ ᠦᠢᠯᠡ ᠪᠡᠨ ᠦᠵᠡᠵᠦ ᠨᠡᠭᠡᠭᠡᠬᠦ ᠵᠠᠷᠢᠮ ᠵᠦᠢᠯ ᠢ᠋
ᠮᠢᠨᠦ ᠦᠶ᠎ᠡ ᠳ᠋ᠦ᠍ ᠬᠡᠨ ᠨᠢᠭᠡ ᠨᠢ ᠴᠢᠮᠡᠭᠡ ᠦᠭᠡᠢ ᠨᠡᠭᠡᠭᠡᠭᠰᠡᠨ ᠪᠠᠢᠵᠤ ᠪᠣᠯᠤᠨ᠎ᠠ
ᠭᠠᠭᠴᠠ ᠬᠦ᠌ ᠡᠭᠦᠨ ᠢ᠋ ᠲᠠ ᠨᠠᠷ ᠲᠠᠭᠠᠨ ᠵᠠᠬᠢᠵᠤ
ᠭᠠᠷ ᠢ᠋ ᠴᠢᠨᠢ ᠢᠯᠡ ᠵᠠᠬᠢᠳᠠᠯ  ᠢᠶᠠᠨ ᠷᠢᠨᠴᠢᠨ ᠦ᠌ ᠴᠣᠢᠨᠤᠮ ᠠᠳᠬᠤᠪᠠ᠃

      ᠦᠰᠦᠭ ᠬᠠᠲᠠᠭᠰᠠᠨ ᠨᠢ᠄ ᠪᠣᠷᠵᠢᠭᠢᠨ ᠠᠵᠠᠵᠠᠶᠠᠭ᠎ᠠ
     
ᠦᠰᠦᠭ ᠠᠮᠢᠯᠠᠭᠤᠯᠤᠭᠴᠢ᠄ ᠱᠠᠭᠰᠠᠯ
     
ᠬᠢᠨᠠᠭᠴᠢ᠄ ᠢᠷᠡᠭᠡᠳᠦᠢ ᠣᠳᠬᠠᠨᠰᠦ᠎ᠠ᠂ ᠰᠡᠬᠡᠭᠡᠷᠡᠯ