1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠠᠭᠪᠠᠬᠠᠢ ᠬᠢᠭᠡᠳ ᠷᠠᠳᠠᠷ ( ᠬᠡᠯᠡ ᠪᠢᠴᠢᠭ – ᠳᠣᠯᠣᠳᠤᠭᠠᠷ ᠳᠡᠪᠲᠡᠷ) Багваахай хийгээд радар( Хэл бичиг – Долдугар дэвтэр)

ᠪᠠᠭᠪᠠᠬᠠᠢ ᠬᠢᠭᠡᠳ ᠷᠠᠳᠠᠷ ( ᠬᠡᠯᠡ ᠪᠢᠴᠢᠭ – ᠳᠣᠯᠣᠳᠤᠭᠠᠷ ᠳᠡᠪᠲᠡᠷ) Багваахай хийгээд радар( Хэл бичиг – Долдугар дэвтэр)

2023-07-28

294

ᠪᠠᠭᠪᠠᠬᠠᠢ ᠬᠢᠭᠡᠳ ᠷᠠᠳᠠᠷ


       ᠣᠳᠣᠨ ᠮᠡᠴᠢᠳ ᠮᠢᠷᠠᠯᠵᠠᠭᠰᠠᠨ ᠲᠤᠩᠭᠠᠯᠠᠭ ᠴᠡᠩᠬᠡᠷ ᠣᠭᠲᠠᠷᠭᠤᠢ ᠳ᠋ᠤ᠌ ᠤᠯᠠᠭᠠᠨ ᠨᠣᠭᠣᠭᠠᠨ ᠬᠣᠶᠠᠷ ᠭᠡᠷᠡᠯ ᠬᠢᠯᠠᠯᠵᠠᠭᠰᠠᠭᠠᠷ ᠣᠢᠷᠠᠳᠴᠤ ᠢᠷᠡᠪᠡ᠃ ᠵᠠᠯᠭᠠᠭᠠᠳ ᠬᠦᠩᠭᠢᠨᠡᠨ ᠨᠦᠷᠵᠢᠭᠢᠨᠡᠬᠦ ᠳᠠᠭᠤᠨ ᠰᠣᠨᠣᠰᠳᠠᠪᠠ᠂ ᠰᠥᠨᠢ ᠶ᠋ᠢᠨ ᠠᠶᠠᠨ ᠤ᠋ ᠨᠢᠰᠬᠡᠯ ᠶᠦ᠍ᠮ ᠪᠠᠢᠨ᠎ᠠ᠃ 
       ᠬᠠᠷᠠᠩᠭᠤᠢ ᠰᠥᠨᠢ ᠨᠢᠰᠬᠡᠯ ᠶᠠᠭᠠᠬᠢᠭᠠᠳ ᠠᠶᠤᠯ ᠦᠭᠡᠢ ᠨᠢᠰᠴᠦ ᠴᠢᠳᠠᠳᠠᠭ ᠶᠤᠮ ᠪᠣᠢ? ᠬᠥᠮᠦᠰ ᠤᠤᠯ ᠨᠢ ᠪᠠᠭᠪᠠᠬᠠᠢ ᠠ᠋ᠴᠠ ᠰᠡᠷᠡᠯᠲᠡ ᠣᠯᠵᠤ ᠠᠶᠤᠯ ᠦᠭᠡᠢ ᠨᠢᠰᠬᠦ ᠠᠷᠭ᠎ᠠ ᠡᠭᠦᠳᠦᠭᠰᠡᠨ ᠪᠠᠢᠵᠠᠢ᠃ 
       ᠪᠠᠭᠪᠠᠬᠠᠢ ᠪᠣᠯ ᠰᠥᠨᠢ ᠭᠠᠷᠴᠤ ᠡᠷᠪᠡᠬᠡᠢ ᠪᠤᠶᠤ ᠪᠠᠲᠠᠭᠠᠨ᠎ᠠ ᠠᠩᠨᠠᠳᠠᠭ ᠠᠮᠢᠲᠠᠨ ᠶᠤᠮ᠃ ᠪᠠᠭᠪᠠᠬᠠᠢ ᠶᠠᠭᠠᠬᠢᠵᠤ ᠨᠢᠰᠦᠭᠰᠡᠨ ᠴᠦ᠍ ᠶᠠᠭᠤᠮᠠᠨ ᠳ᠋ᠤ᠌ ᠶᠡᠷᠦ ᠮᠥᠷᠭᠥᠳᠡᠭ ᠦᠭᠡᠢ᠂ ᠬᠠᠮᠤᠭ ᠤ᠋ᠨ ᠨᠠᠷᠢᠨ ᠴᠠᠬᠢᠯᠭᠠᠨ ᠤᠲᠠᠰᠤᠨ ᠠ᠋ᠴᠠ ᠴᠤ᠌ ᠮᠠᠰᠢ ᠬᠤᠷᠴᠠ ᠰᠡᠷᠭᠡᠭ ᠢ᠋ᠶ᠋ᠡᠷ ᠵᠠᠢᠯᠠᠵᠤ ᠭᠠᠷᠴᠤ ᠴᠢᠳᠠᠨ᠎ᠠ᠃ ᠶᠠᠭᠠᠬᠢᠭᠠᠳ ᠢᠩᠭᠢᠵᠦ ᠴᠢᠳᠠᠳᠠᠭ ᠶᠤᠮ ᠪᠣᠢ?
       ᠡᠨᠡ ᠠᠰᠠᠭᠤᠳᠠᠯ ᠢ᠋ ᠲᠣᠳᠣᠯᠠᠬᠤ ᠶ᠋ᠢᠨ ᠲᠤᠯᠠ ᠡᠷᠳᠡᠮᠲᠡᠳ ᠵᠠᠭᠤ ᠭᠠᠷᠤᠢ ᠵᠢᠯ ᠦ᠋ᠨ ᠡᠮᠦᠨ᠎ᠡ ᠲᠤᠷᠰᠢᠯᠲᠠ ᠬᠢᠵᠦ ᠦᠵᠡᠵᠡᠢ᠃ ᠫᠠᠳ ᠬᠠᠷᠠᠩᠭᠤᠢ ᠲᠠᠰᠤᠯᠭ᠎ᠠ ᠳ᠋ᠤ᠌ ᠮᠠᠰᠢ ᠣᠯᠠᠨ ᠳᠡᠭᠡᠰᠦ ᠶ᠋ᠢ ᠡᠮᠬᠢ ᠵᠠᠮᠪᠠᠷᠠᠭ᠎ᠠ ᠦᠭᠡᠢ ᠰᠦᠯᠵᠢᠵᠦ ᠲᠠᠲᠠᠭᠠᠳ᠂ ᠳᠡᠭᠡᠰᠦᠨ ᠳ᠋ᠡᠭᠡᠨ ᠣᠯᠠᠨ ᠬᠤᠩᠬ᠎ᠠ ᠳᠡᠭᠦᠵᠢᠯᠡᠪᠡ᠃ ᠲᠡᠭᠡᠭᠡᠳ ᠪᠠᠭᠪᠠᠬᠠᠢ ᠶ᠋ᠢᠨ ᠨᠢᠳᠦ ᠶ᠋ᠢ ᠨᠢ ᠪᠦᠲᠡᠭᠡᠵᠦ ᠨᠢᠰᠬᠡᠪᠡ᠃ ᠪᠠᠭᠪᠠᠬᠠᠢ ᠬᠡᠳᠦᠨ ᠴᠠᠭ ᠨᠢᠰᠦᠭᠰᠡᠨ ᠪᠣᠯᠪᠠᠴᠤ ᠬᠤᠩᠬ᠎ᠠ ᠶ᠋ᠢ ᠶᠡᠷᠦ ᠳᠤᠤᠭᠠᠷᠭᠠᠭᠰᠠᠨ ᠦᠭᠡᠢ᠃      ᠡᠷᠳᠡᠮᠲᠡᠳ ᠳᠠᠬᠢᠭᠠᠳ ᠪᠠᠰᠠ ᠬᠣᠶᠠᠷ ᠤᠳᠠᠭ᠎ᠠ ᠲᠤᠷᠰᠢᠯᠲᠠ ᠬᠢᠯ᠎ᠡ᠃ ᠨᠢᠭᠡ ᠤᠳᠠᠭ᠎ᠠ ᠪᠠᠭᠪᠠᠬᠠᠢ ᠶ᠋ᠢᠨ ᠴᠢᠬᠢ ᠶ᠋ᠢ ᠪᠥᠭᠯᠡᠵᠦ᠂ ᠨᠢᠭᠡ ᠤᠳᠠᠭ᠎ᠠ ᠨᠢ ᠪᠠᠭᠪᠠᠬᠠᠢ ᠶ᠋ᠢᠨ ᠠᠮᠠ ᠶ᠋ᠢ ᠲᠠᠭᠯᠠᠭᠠᠳ ᠭᠡᠷ ᠳᠣᠲᠣᠷ᠎ᠠ ᠨᠢᠰᠬᠡᠪᠡ᠃ ᠪᠠᠭᠪᠠᠬᠠᠢ ᠶᠠᠭ ᠲᠣᠯᠣᠭᠠᠢ ᠦᠭᠡᠢ ᠢᠯᠠᠭ᠎ᠠ ᠰᠢᠭ᠋ ᠭᠠᠵᠠᠷ ᠪᠣᠯᠭᠠᠨ ᠳ᠋ᠤ᠌ ᠮᠥᠷᠭᠥᠭᠡᠳ ᠬᠤᠩᠬ᠎ᠠ ᠨᠤᠭᠤᠳ ᠲᠠᠰᠤᠷᠠᠯᠲᠠ ᠦᠭᠡᠢ ᠳᠤᠤᠭᠠᠷᠴᠤ ᠪᠠᠢᠯ᠎ᠠ᠃ ᠡᠨᠡ ᠲᠤᠷᠰᠢᠯᠲᠠ ᠠ᠋ᠴᠠ ᠦᠵᠡᠪᠡᠯ ᠪᠠᠭᠪᠠᠬᠠᠢ ᠰᠥᠨᠢ ᠪᠡᠷ ᠨᠢᠰᠴᠦ ᠴᠢᠳᠠᠳᠠᠭ ᠤ᠋ᠨ ᠡᠷᠳᠡᠮ ᠨᠢ ᠨᠢᠳᠦᠨ ᠳ᠋ᠡᠭᠡᠨ ᠪᠠᠢᠭ᠎ᠠ ᠪᠢᠰᠢ᠂ ᠬᠠᠷᠢᠨ ᠠᠮᠠ ᠪᠣᠯᠤᠨ ᠴᠢᠬᠢᠨ ᠳ᠋ᠦ᠍ᠨᠢ ᠪᠠᠢᠵᠠᠢ᠃ 
       ᠡᠷᠳᠡᠮᠲᠡᠳ ᠳᠠᠬᠢᠨ ᠳᠠᠪᠲᠠᠨ ᠰᠤᠳᠤᠯᠤᠭᠰᠠᠭᠠᠷ ᠪᠠᠢᠭᠠᠳ ᠡᠨᠡ ᠨᠢᠭᠤᠴᠠ ᠶ᠋ᠢ ᠣᠯᠵᠤ ᠮᠡᠳᠡᠵᠡᠢ᠃ ᠪᠠᠭᠪᠠᠬᠠᠢ ᠨᠢᠰᠬᠦ ᠳ᠋ᠡᠭᠡᠨ ᠠᠮᠠᠨ ᠠ᠋ᠴᠠ ᠪᠠᠨ ᠨᠢᠭᠡ ᠵᠦᠢᠯ ᠦ᠋ᠨ ᠳᠠᠭᠤᠨ ᠭᠠᠷᠭᠠᠳᠠᠭ ᠪᠠᠢᠵᠠᠢ᠃ ᠡᠨᠡ ᠳᠠᠭᠤᠨ ᠢ᠋ ᠬᠡᠳᠦ ᠳᠠᠭᠤᠨ ᠭᠡᠨ᠎ᠡ᠃ ᠡᠭᠦᠨ ᠢ᠋ ᠬᠥᠮᠦᠨ ᠣᠯᠵᠤ ᠰᠣᠨᠣᠰᠳᠠᠭ ᠦᠭᠡᠢ᠂ ᠬᠠᠷᠢᠨ ᠪᠠᠭᠪᠠᠬᠠᠢ ᠥᠪᠡᠷ ᠢ᠋ᠶ᠋ᠡᠷ ᠣᠯᠵᠤ ᠰᠣᠨᠣᠰᠳᠠᠭ ᠶᠤᠮ᠃ ᠬᠡᠳᠦ ᠳᠠᠭᠤᠨ ᠨᠢ ᠤᠷᠤᠭᠰᠢ ᠳᠣᠯᠭᠢᠶᠠᠯᠠᠨ ᠶᠠᠪᠤᠵᠤ᠂ ᠬᠠᠷᠰᠢ ᠰᠠᠭᠠᠳ ᠲᠤ᠌ ᠤᠴᠠᠷᠠᠪᠠᠯ ᠪᠤᠴᠠᠭᠠᠳ ᠴᠤᠤᠷᠢᠶᠠᠲᠤᠨ᠎ᠠ᠃ ᠡᠨᠡ ᠥᠴᠦᠬᠡᠨ ᠴᠤᠤᠷᠢᠶ᠎ᠠ ᠶ᠋ᠢ ᠪᠠᠭᠪᠠᠬᠠᠢ ᠶ᠋ᠢᠨ ᠴᠢᠬᠢ ᠣᠯᠵᠤ ᠰᠣᠨᠣᠰᠳᠠᠭ ᠪᠠᠢᠨ᠎ᠠ᠃ ᠪᠠᠭᠪᠠᠬᠠᠢ ᠢᠩᠭᠢᠵᠦ ᠠᠮᠠ ᠪᠣᠯᠤᠨ ᠴᠢᠬᠢ ᠪᠡᠷ ᠢ᠋ᠶ᠋ᠡᠷ ᠵᠠᠮ ᠢ᠋ᠶ᠋ᠠᠨ ᠬᠠᠢᠵᠤ ᠨᠢᠰᠳᠡᠭ ᠪᠠᠢᠵᠠᠢ᠃
       ᠰᠥᠨᠢ ᠶ᠋ᠢᠨ ᠠᠶᠠᠨ ᠤ᠋ ᠨᠢᠰᠬᠡᠯ ᠳ᠋ᠦ᠍ ᠷᠠᠳᠠᠷ ᠭᠡᠳᠡᠭ ᠲᠥᠬᠥᠭᠡᠷᠦᠮᠵᠢ ᠲᠣᠬᠢᠷᠠᠭᠤᠯᠤᠭᠰᠠᠨ ᠪᠠᠢᠳᠠᠭ᠃ ᠡᠨᠡ ᠨᠢ ᠪᠠᠭᠪᠠᠬᠠᠢ ᠶ᠋ᠢᠨ ᠴᠢᠬᠢ ᠪᠠ ᠠᠮᠠ ᠶ᠋ᠢᠨ ᠦᠢᠯᠡᠳᠦᠯ ᠲᠡᠢ ᠪᠠᠷᠤᠭ ᠣᠴᠢᠨ᠎ᠠ᠃ ᠷᠠᠳᠠᠷ ᠨᠢ ᠠᠭᠠᠷ ᠤᠲᠠᠰᠤ ᠪᠠᠷ ᠢ᠋ᠶ᠋ᠠᠨ ᠷᠠᠳᠢᠣ᠋ ᠳᠣᠯᠭᠢᠶᠠᠨ ᠰᠠᠴᠤᠷᠠᠭᠤᠯᠤᠨ᠎ᠠ᠃ ᠷᠠᠳᠢᠣ᠋ ᠳᠣᠯᠭᠢᠶᠠᠨ ᠨᠢ ᠬᠠᠷᠰᠢ ᠰᠠᠭᠠᠳ ᠲᠤ᠌ ᠤᠴᠠᠷᠠᠪᠠᠯ ᠣᠢᠨ ᠪᠤᠴᠠᠭᠠᠳ ᠴᠡᠭᠡᠨ ᠳᠡᠯᠭᠡᠴᠡ ᠳᠡᠭᠡᠷ᠎ᠡ ᠢᠯᠡᠷᠡᠨ᠎ᠡ᠃ ᠡᠢᠮᠦ ᠷᠠᠳᠠᠷ ᠭᠡᠳᠡᠭ ᠲᠥᠬᠥᠭᠡᠷᠦᠮᠵᠢ ᠲᠡᠢ ᠤᠴᠢᠷ ᠠ᠋ᠴᠠ ᠨᠢᠰᠬᠡᠯ ᠰᠥᠨᠢ ᠪᠡᠷ ᠠᠶᠤᠯ ᠦᠭᠡᠢ ᠨᠢᠰᠳᠡᠭ ᠶᠦ᠍ᠮ᠃ 

※ᠢᠷᠡᠯᠲᠡ ᠄   
         ᠠᠯᠪᠠᠨ ᠵᠢᠷᠤᠮ ᠤ᠋ᠨ ᠲᠠᠪᠤᠨ ᠵᠢᠯ ᠦ᠋ᠨ ᠳᠦᠷᠢᠮᠲᠦ ᠪᠠᠭ᠎ᠠ ᠰᠤᠷᠭᠠᠭᠤᠯᠢ ᠳ᠋ᠤ᠌ ᠦᠵᠡᠬᠦ  
                       ᠬᠡᠯᠡ ᠪᠢᠴᠢᠭ     ᠳᠣᠯᠣᠳᠤᠭᠠᠷ ᠳᠡᠪᠲᠡᠷ  
              ᠥᠪᠥᠷ ᠮᠣᠩᠭᠣᠯ ᠤ᠋ᠨ ᠰᠤᠷᠭᠠᠨ ᠬᠥᠮᠦᠵᠢᠯ ᠦ᠋ᠨ ᠬᠡᠪᠯᠡᠯ ᠦ᠋ᠨ ᠬᠣᠷᠢᠶ᠎ᠠ ᠨᠠᠢᠷᠠᠭᠤᠯᠤᠨ ᠬᠡᠪᠯᠡᠭᠦᠯᠪᠡ
              ᠥᠪᠥᠷ ᠮᠣᠩᠭᠣᠯ ᠤ᠋ᠨ ᠰᠢᠨᠬᠤᠸᠠ ᠨᠣᠮ ᠤ᠋ᠨ ᠳᠡᠯᠭᠡᠭᠦᠷ ᠲᠠᠷᠬᠠᠭᠠᠪᠠ 
              ᠥᠪᠥᠷ ᠮᠣᠩᠭᠣᠯ ᠤ᠋ᠨ  ᠰᠤᠷᠭᠠᠨ ᠬᠥᠮᠦᠵᠢᠯ ᠦ᠋ᠨ ᠬᠡᠪᠯᠡᠬᠦ ᠦᠢᠯᠡᠳᠪᠦᠷᠢ ᠬᠡᠪᠯᠡᠪᠡ  
               1991 ᠣᠨ ᠤ᠋ 3 ᠰᠠᠷ᠎ᠠ ᠳ᠋ᠤ᠌  ᠠᠩᠬᠠᠳᠤᠭᠠᠷ ᠬᠡᠪ ᠢ᠋ ᠬᠢᠪᠡ  
               1993 ᠣᠨ ᠤ᠋ 4 ᠰᠠᠷ᠎ᠠ ᠳ᠋ᠤ᠌  ᠭᠤᠷᠪᠠᠳᠤᠭᠠᠷ ᠤᠳᠠᠭ᠎ᠠ  ᠬᠡᠪᠯᠡᠪᠡ᠃ 
                                                ᠦᠨ᠎ᠡ᠄1.40 ᠲᠥᠭᠥᠷᠢᠭ   


     ᠦᠰᠦᠭ ᠠᠮᠢᠯᠠᠭᠤᠯᠤᠭᠴᠢ᠄ ᠳ· ᠣᠶᠤᠨᠴᠡᠴᠡᠭ 
       ᠬᠢᠨᠠᠭᠴᠢ᠄ ᠠ‍· ᠰᠠᠷᠠᠨᠭᠡᠷᠡᠯ᠂ ᠪᠦᠷᠢᠨᠴᠡᠴᠡᠭ   
                                2023.7.25