ᠲᠠᠢᠬᠠᠷ ᠴᠢᠯᠠᠭᠤТайхар чулууTaikhar Chuluu
ᠲᠠᠢᠬᠠᠷ ᠴᠢᠯᠠᠭᠤ
ᠳᠠᠢᠬᠠᠷ ᠴᠢᠯᠠᠭᠤ
ᠠᠶ᠎ᠠ᠄ ᠰ·ᠪᠠᠲᠤᠪᠤᠯᠤᠳ
ᠦᠭᠡ᠄ ᠨ·ᠣᠳᠣᠨᠬᠦᠦ
ᠰᠤᠷᠤᠭᠴᠢ ᠭ·ᠡᠩᠬᠡᠠᠮᠤᠷ
ᠲᠦᠮᠡᠨ ᠤ ᠬᠠᠷᠠᠭ᠎ᠠ ᠪᠤᠯᠢᠶᠠᠭᠰᠠᠨ ᠲᠡᠦᠬᠡᠨ ᠴᠢᠯᠠᠭᠤ
ᠲᠥᠷᠥᠯᠬᠢ ᠨᠤᠲᠤᠭ ᠢᠶᠠᠨ ᠴᠢᠮᠡᠭᠰᠡᠨ ᠰᠠᠢᠬᠠᠨ ᠴᠢᠯᠠᠭᠤ
ᠲᠠᠮᠢᠷ ᠠᠭᠤᠳᠠᠮ ᠬᠥᠨᠳᠡᠢ ᠶᠢᠨ ᠬᠠᠳᠠᠨ ᠴᠢᠯᠠᠭᠤ ᠮᠢᠨᠢ
ᠲᠠᠯ᠎ᠠ ᠳ᠋ᠤ᠌ ᠪᠠᠨ ᠥᠨᠳᠥᠷ ᠰᠦᠨᠳᠡᠷᠯᠡᠬᠦ ᠰᠣᠳᠣᠨ ᠴᠢᠯᠠᠭᠤ ᠰᠢᠦ
ᠵᠢᠭᠤᠯᠴᠢᠨ ᠭᠡᠢᠴᠢᠳ ᠴᠤᠭᠯᠠᠷᠠᠭᠰᠠᠨ ᠳᠣᠮᠣᠭᠲᠤ ᠴᠢᠯᠠᠭᠤ
ᠵᠠᠭᠤᠨ ᠵᠠᠭᠤᠨ ᠢ ᠡᠯᠡᠭᠡᠭᠰᠡᠨ ᠳᠤᠷᠠᠰᠬᠠᠯᠲᠤ ᠴᠢᠯᠠᠭᠤ
ᠲᠠᠮᠢᠷ ᠤᠨ ᠠᠭᠤᠳᠠᠮ ᠬᠥᠨᠳᠡᠢ ᠶᠢᠨ ᠬᠠᠳᠠᠨ ᠴᠢᠯᠠᠭᠤ ᠮᠢᠨᠢ
ᠲᠠᠯ᠎ᠠ ᠳ᠋ᠤ᠌ ᠪᠠᠨ ᠥᠨᠳᠥᠷ ᠰᠦᠨᠳᠡᠷᠯᠡᠬᠦ ᠰᠣᠳᠣᠨ ᠴᠢᠯᠠᠭᠤ ᠰᠢᠦ
ᠣᠯᠠᠨ ᠬᠥᠮᠦᠨ ᠳᠤ ᠰᠢᠲᠦᠭᠳᠡᠭᠰᠡᠨ ᠮᠣᠩᠭᠣᠯ ᠴᠢᠯᠠᠭᠤ
ᠣᠳᠣᠳ ᠤᠨ ᠵᠦᠭ ᠲᠡᠮᠡᠦᠯᠦᠭᠰᠡᠨ ᠪᠣᠰᠤᠭ᠎ᠠ ᠴᠢᠯᠠᠭᠤ
ᠲᠠᠮᠢᠷ ᠤᠨ ᠠᠭᠤᠳᠠᠮ ᠬᠥᠨᠳᠡᠢ ᠶᠢᠨ ᠬᠠᠳᠠᠨ ᠴᠢᠯᠠᠭᠤ ᠮᠢᠨᠢ
ᠲᠠᠯ᠎ᠠ ᠳ᠋ᠤ᠌ ᠪᠠᠨ ᠥᠨᠳᠥᠷ ᠰᠦᠨᠳᠡᠷᠯᠡᠬᠦ ᠰᠣᠳᠣᠨ ᠴᠢᠯᠠᠭᠤ ᠰᠢᠦ
ᠲᠠᠮᠢᠷ ᠤᠨ ᠠᠭᠤᠳᠠᠮ ᠬᠥᠨᠳᠡᠢ ᠶᠢᠨ ᠬᠠᠳᠠᠨ ᠴᠢᠯᠠᠭᠤ ᠮᠢᠨᠢ
ᠲᠠᠯ᠎ᠠ ᠳ᠋ᠤ᠌ ᠪᠠᠨ ᠥᠨᠳᠥᠷ ᠰᠦᠨᠳᠡᠷᠯᠡᠬᠦ ᠰᠣᠳᠣᠨ ᠴᠢᠯᠠᠭᠤ ᠰᠢᠦ
ᠳᠠᠢᠬᠠᠷ ᠴᠢᠯᠠᠭᠤ᠁
ᠦᠰᠦᠭ ᠠᠮᠢᠯᠠᠭᠤᠯᠤᠭᠰᠠᠨ ᠨᠢ᠄ ᠪᠠᠳᠠᠷᠠᠯᠲᠤ
ᠦᠰᠦᠭ ᠬᠠᠳᠠᠭᠰᠠᠨ ᠨᠢ᠄ ᠪᠠᠳᠠᠷᠠᠯᠲᠤ
ᠦᠰᠦᠭ ᠬᠢᠨᠠᠭᠰᠠᠨ ᠨᠢ᠄ ᠲᠦᠮᠡᠨᠴᠡᠴᠡᠭ ᠠ᠊·ᠰᠠᠷᠠᠩᠭᠡᠷᠡᠯ
