ᠵᠡᠭᠦᠳᠦ2-ᠷ ᠂ᠴᠣᠢᠨᠣᠮзүүд- Чойном-Choinom - Zuud2 ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠵᠡᠭᠦᠳᠦ2-ᠷ ᠂ᠴᠣᠢᠨᠣᠮзүүд- Чойном-Choinom - Zuud2

ᠵᠡᠭᠦᠳᠦ2-ᠷ ᠂ᠴᠣᠢᠨᠣᠮзүүд- Чойном-Choinom - Zuud2

2023-07-27

300

ᠵᠡᠭᠦᠳᠦ

ᠬᠠᠪᠤᠷ ᠤ᠋ᠨ ᠤᠷᠢᠨ ᠤ᠋ ᠡᠮᠦᠨᠡᠬᠡᠨ 
ᠬᠠᠭᠠᠷᠢᠮ᠎ᠠ ᠬᠦᠢᠲᠡᠨ ᠲᠠᠯ᠎ᠠ ᠳᠤᠮᠳᠠ 
ᠬᠠᠷᠠᠩᠭᠤᠢ ᠰᠥᠨᠢ ᠶ᠋ᠢᠨ ᠲᠦᠭᠰᠢᠭᠦᠷᠢ ᠵᠠᠷᠯᠠᠵᠤ 
ᠬᠠᠷ᠎ᠠ ᠨᠣᠬᠠᠢ ᠤᠯᠢᠨ ᠬᠤᠴᠠᠪᠠ 

ᠦᠦᠷ ᠭᠡᠢᠬᠦ ᠶ᠋ᠢᠨ ᠡᠮᠦᠨᠡᠬᠡᠨ ᠭᠱᠠᠨ ᠳ᠋ᠤ᠌ 
ᠦᠨᠡᠭᠡᠨ ᠬᠠᠷᠠᠩᠭᠤᠢ ᠶ᠋ᠢ ᠭᠡᠨᠡᠳᠲᠡ ᠰᠣᠴᠢᠭᠠᠵᠤ 
ᠦᠬᠦᠭᠡᠷ ᠦ᠋ᠨ ᠪᠤᠵᠠᠷ ᠮᠠᠭᠤ ᠢᠷᠣ᠎ᠠ ᠪᠠᠷ 
ᠥᠯᠥᠭᠡᠢ ᠲᠡᠢ ᠨᠢᠯᠬᠠᠰ ᠤᠬᠢᠯᠠᠨ ᠴᠢᠷᠠᠯᠠᠪᠠ 

ᠲᠠᠯ᠎ᠠ ᠨᠤᠲᠤᠭ ᠤ᠋ᠨ ᠬᠠᠲᠠᠭᠤ ᠠᠮᠢᠳᠤᠷᠠᠯ ᠳ᠋ᠤ᠌
ᠳᠠᠭᠠᠨ᠎ᠠ ᠶ᠋ᠢᠨ ᠲᠣᠯᠣᠭᠠᠢ ᠰᠢᠭ᠋ ᠲᠣᠬᠢᠶᠠᠯᠳᠤᠳᠠᠭ
ᠲᠠᠴᠢᠷᠬᠠᠨ ᠵᠢᠷᠭᠠᠯ ᠳ᠋ᠠᠭᠠᠨ ᠲᠤᠯᠠᠭᠠᠴᠠᠬᠰᠨᠨ ᠡᠴᠢᠭᠡ
ᠲᠠᠮᠰᠢᠶᠠᠯᠠᠵᠤ ᠬᠥᠷᠪᠡᠭᠡᠭᠡᠳ ᠰᠡᠷᠡᠵᠦ ᠶᠠᠳᠠᠬᠤ ᠳ᠋ᠤ᠌

ᠬᠣᠷᠢᠨ ᠵᠢᠷᠭᠤᠭᠠᠲᠠᠢ ᠡᠬᠡ
ᠬᠣᠨᠢᠨ ᠳᠡᠪᠡᠯ ᠢ᠋ᠶ᠋ᠡᠷ ᠨᠥᠮᠥᠷᠦᠩᠭᠡᠨ
ᠡᠪᠦᠳᠦᠭ ᠨᠤᠭᠤᠯᠤᠨ ᠰᠠᠭᠤᠵᠤ
ᠡᠪᠦᠯ ᠦ᠋ᠨ ᠵᠢᠪᠠᠷ ᠲᠤ᠌ ᠴᠡᠴᠡᠷᠡᠩᠬᠡᠨ

ᠣᠬᠢᠯᠠᠭᠰᠠᠨ ᠬᠦᠦ ᠪᠡᠨ ᠡᠯᠢᠭᠡᠨ ᠳ᠋ᠡᠭᠡᠨ ᠲᠡᠪᠡᠷᠢᠵᠦ
ᠤᠶᠠᠬᠠᠨ ᠬᠣᠭᠣᠯᠠᠢ ᠪᠠᠷ ᠪᠦᠪᠡᠢ ᠠᠶᠠᠯᠪᠠ
ᠬᠥᠬᠥᠨ ᠦ᠌ ᠬᠢᠨᠢ ᠰᠦ ᠬᠦᠦ ᠶ᠋ᠢᠨ ᠨᠢᠳᠦᠨ ᠳᠡᠭᠡᠭᠦᠷ
ᠬᠥᠬᠡ ᠲᠡᠭᠷᠢ ᠶ᠋ᠢᠨ ᠵᠠᠭᠠᠳᠠᠰᠤ ᠰᠢᠭ᠋ ᠴᠠᠢᠷᠠᠪᠠ

ᠪᠦᠪᠡᠢ᠂ ᠪᠦᠪᠡᠢ᠂ ᠪᠦᠪᠡᠢ!
ᠪᠦᠳᠡᠭᠢᠬᠡᠨ ᠲᠦᠪᠡᠷᠭᠡᠨ ᠲᠣᠳᠣᠷᠠᠭᠰᠠᠭᠠᠷ
ᠲᠦᠷᠤᠭᠡ ᠬᠠᠩᠭᠢᠨᠠᠵᠤ ᠨᠣᠬᠠᠢ ᠭᠠᠰᠠᠯᠵᠤ
ᠳᠥᠷᠪᠡᠨ ᠬᠥᠮᠦᠨ ᠣᠷᠣᠭᠠᠳ ᠢᠷᠡᠪᠡ

ᠬᠣᠷᠮᠣᠢ ᠬᠣᠲᠠ ᠪᠠᠷ ᠨᠢ ᠬᠦᠢᠲᠡᠨ ᠵᠢᠪᠠᠷ
ᠬᠣᠢᠮᠣᠷ ᠠᠯᠠᠭᠠᠳᠠᠵᠤ ᠳ᠋ᠧᠩ ᠤᠨᠲᠠᠷᠠᠭᠠᠪᠠ
— ᠪᠤᠰᠢᠭᠤᠯ ᠭᠡᠷᠡᠯ! ᠭᠡᠵᠦ ᠵᠠᠩᠳᠤᠷᠤᠨ
ᠫᠤᠤ ᠶ᠋ᠢᠨ ᠵᠠᠮᠤᠭ ᠲᠠᠴᠢᠭᠢᠨᠠᠪᠠ

ᠥᠭᠡᠳᠡ ᠡᠴᠡ ᠣᠩᠭᠣᠢᠬᠤ ᠫᠤᠤ ᠶ᠋ᠢᠨ ᠠᠮᠠᠨ ᠳᠡᠭᠡᠷ᠎ᠡ
ᠥᠨᠥᠴᠢᠨ ᠴᠦᠲᠡᠨᠵᠠ ᠴᠢᠴᠢᠨᠡᠩᠬᠡᠨ ᠠᠰᠠᠪᠠ
ᠥᠪᠴᠢ ᠵᠡᠪᠰᠡᠭ ᠲᠡᠢ ᠳᠥᠷᠪᠡᠨ ᠡᠷ᠎ᠡ
ᠥᠨᠳᠥᠷ ᠳᠠᠭᠤ ᠪᠠᠷ ᠵᠠᠩᠲᠤᠴᠢᠨ ᠲᠤᠰᠢᠶᠠᠪᠠ

— ᠠᠯᠢ ᠨᠢ ᠴᠦ᠍ ᠭᠡᠰᠡᠨ ᠪᠤᠤ ᠬᠥᠳᠡᠯ!
ᠠᠮᠠ ᠨᠡᠭᠡᠭᠡᠵᠦ ᠪᠢᠲᠡᠭᠡᠢ ᠳᠤᠤᠭᠠᠷ
ᠳᠣᠬᠢᠵᠤ ᠵᠠᠩᠭᠠᠵᠤ ᠭᠠᠷ ᠬᠥᠳᠡᠯᠪᠡᠯ
ᠳᠣᠣᠷ᠎ᠠ ᠴᠢᠨᠢ ᠨᠠᠮ ᠫᠤᠤᠳᠠᠨ᠎ᠠ

   ᠦᠰᠦᠭ ᠠᠮᠢᠯᠠᠭᠤᠯᠤᠭᠴᠢ᠄ ᠳᠣᠷᠵᠢ
   ᠬᠢᠨᠠᠭᠴᠢ᠄ ᠰᠡᠬᠡᠭᠡᠷᠡᠯ᠂ ᠣᠤᠠᠬᠠᠨᠰᠣ᠎ᠠ