ᠽᠠᠨᠳᠠᠨ ᠰᠢᠷᠡᠭᠡЗандан ширээ-ᠣᠷᠳᠣᠰ ᠠᠷᠠᠳ ᠤᠨ ᠳᠠᠭᠤᠤ14
ᠽᠠᠨᠳᠠᠨ ᠰᠢᠷᠡᠭᠡ
ᠠᠯᠲᠠᠢ ᠬᠠᠩᠭᠠᠢ ᠭᠠᠵᠠᠷ ᠤ᠋ᠨ ᠬᠣᠯᠠ ᠠ᠋ᠴᠠ
ᠠᠯᠬᠤᠯᠠᠭᠰᠠᠭᠠᠷ ᠢᠷᠡᠯ᠎ᠡ ᠳ᠋ᠣᠣ
ᠠᠬ᠎ᠠ ᠳᠡᠭᠦᠦ ᠲᠠ ᠨᠠᠷ ᠲᠠᠢ ᠪᠠᠨ
ᠨᠠᠢᠷᠯᠠᠶ᠎ᠠ ᠭᠡᠭᠰᠡᠭᠡᠷ ᠢᠷᠡᠯ᠎ᠡ ᠳ᠋ᠣᠣ
ᠵᠠᠯᠠᠨ ᠳᠡᠭᠡᠷ᠎ᠡ ᠤᠶᠠᠭᠰᠠᠨ ᠤᠨᠠᠭ᠎ᠠ ᠳᠠᠭ᠎ᠠ
ᠵᠡᠯ᠎ᠡ ᠪᠡᠨ ᠲᠣᠭᠣᠷᠢᠭᠠᠳ ᠲᠣᠭᠯᠠᠨ᠎ᠠ ᠳ᠋ᠣᠣ
ᠵᠡᠷᠭᠡ ᠶ᠋ᠢᠨ ᠥᠨᠳᠥᠷ ᠠᠬ᠎ᠠ ᠨᠠᠷ ᠲᠠᠢ ᠪᠠᠨ
ᠨᠠᠢᠷᠯᠠᠶ᠎ᠠ ᠭᠡᠭᠰᠡᠭᠡᠷ ᠢᠷᠡᠯ᠎ᠡ ᠳ᠋ᠣᠣ
ᠽᠠᠨᠳᠠᠨ ᠰᠢᠷᠡᠭᠡ ᠵᠠᠪᠢᠶᠤᠯ ᠲᠦᠰᠢᠯᠭᠡ
ᠵᠠᠢᠯᠠᠰᠢ ᠦᠭᠡᠢ ᠪᠠᠢᠲᠠᠯ᠎ᠠ
ᠵᠠᠩᠭᠢ ᠵᠠᠯᠠᠨ ᠠᠬ᠎ᠠ ᠨᠠᠷ ᠲᠠᠢ ᠪᠠᠨ
ᠨᠠᠢᠷᠯᠠᠶ᠎ᠠ ᠭᠡᠭᠰᠡᠭᠡᠷ ᠢᠷᠡᠯ᠎ᠡ ᠳ᠋ᠣᠣ
ᠤᠯᠠᠭᠠᠨ ᠽᠠᠨᠳᠠᠨ ᠴᠠᠢ ᠳ᠋ᠤ᠌ ᠴᠢᠨᠢ
ᠤᠮᠳᠠ ᠮᠢᠨᠢ ᠬᠠᠨᠤᠯ᠎ᠠ
ᠤᠷᠠᠨ ᠰᠠᠢᠬᠠᠨ ᠦᠭᠡᠨ ᠳ᠋ᠦ᠍ ᠴᠢᠨᠢ
ᠰᠡᠳᠬᠢᠯ ᠮᠢᠨᠢ ᠪᠡᠶᠡᠰᠦᠨ᠎ᠡ
ᠰᠥᠩ ᠦ᠋ᠨ ᠥᠨᠳᠥᠷ ᠰᠢᠷᠡᠭᠡ ᠪᠠᠢᠨ᠎ᠠ
ᠰᠥᠩᠨᠡᠨ ᠰᠥᠩᠨᠡᠨ ᠪᠠᠢᠲᠠᠯ᠎ᠠ
ᠰᠥᠩ ᠦ᠋ᠨ ᠠᠬ᠎ᠠ ᠨᠠᠷ ᠲᠠᠢ ᠪᠠᠨ
ᠨᠠᠢᠷᠯᠠᠶ᠎ᠠ ᠭᠡᠭᠰᠡᠭᠡᠷ ᠢᠷᠡᠯ᠎ᠡ ᠳ᠋ᠣᠣ
