ᠬᠤᠷᠢᠮ ᠤ᠋ᠨ ᠵᠠᠷ- ᠪᠠᠪᠤᠤ ᠶ᠋ᠢᠨ ᠯᠾᠬᠠᠪᠠᠰᠦᠶ᠋ᠷᠦᠩХуримын зар-бабуугийн Лхагвасүрэн
ᠬᠤᠷᠢᠮ ᠤ᠋ᠨ ᠵᠠᠷ
ᠪᠠᠪᠤᠤ ᠶ᠋ᠢᠨ ᠯᠾᠬᠠᠪᠠᠰᠦᠶ᠋ᠷᠦᠩ
ᠭᠡᠭᠦᠨ ᠦ᠌ ᠰᠡᠭᠦᠯ ᠬᠥᠯ ᠳᠤᠮᠳᠠᠭᠤᠷ ᠢ᠋ᠶ᠋ᠠᠨ ᠤᠷᠤᠭᠤᠳᠠᠭᠰᠠᠨ ᠨᠠᠮᠤᠷ ᠤ᠋ᠨ ᠡᠳᠦᠷ
ᠬᠢᠯ ᠬᠠᠷ᠎ᠠ ᠨᠢᠳᠦᠨ ᠴᠢᠨᠦᠬᠢ ᠪᠡᠨ ᠬᠤᠷᠢᠮ ᠤ᠋ᠨ ᠵᠠᠷ ᠢ᠋ ᠣᠯᠠᠨ ᠤ᠋ ᠰᠠᠯᠬᠢᠨ ᠠ᠋ᠴᠠ ᠰᠣᠨᠣᠰᠤᠯ᠎ᠠ
ᠤᠰᠤ ᠲᠠᠢ ᠬᠠᠪᠴᠠᠭ ᠢ᠋ ᠨᠢ ᠲᠡᠭᠡᠨᠡᠯᠴᠡᠵᠦ ᠶᠠᠪᠤᠭᠰᠠᠨ ᠬᠤᠤᠳᠤᠭ ᠤ᠋ᠨ ᠠᠰᠠᠬᠠᠷ ᠲᠤ᠌ ᠬᠡᠯᠡᠯ᠎ᠡ
ᠠᠭᠤᠯᠵᠠᠵᠤ ᠤᠴᠠᠷᠠᠵᠤ ᠶᠠᠪᠤᠭᠰᠠᠨ ᠨᠠᠮᠬᠠᠨ ᠲᠤᠯᠤᠭᠠᠳ ᠲᠠᠭᠠᠨ ᠳᠣᠭᠣᠯᠭᠠᠯᠠ
ᠨᠠᠢᠷᠠᠨ ᠳᠡᠭᠡᠷ᠎ᠡ ᠨᠢ ᠣᠴᠢᠯ᠎ᠠ
ᠤᠨᠠᠭ᠎ᠠ ᠲᠠᠮᠠᠭᠠᠯᠠᠭᠰᠠᠨ ᠨᠠᠢᠷ ᠲᠠᠢ ᠳᠠᠪᠬᠤᠴᠠᠭᠰᠠᠨ ᠬᠤᠷᠢᠮ
ᠠᠭᠤᠯᠠ ᠳᠣᠷᠭᠢᠶᠠᠭᠰᠠᠨ ᠨᠢᠵᠢᠭᠡᠷ ᠪᠣᠯᠤᠯ᠎ᠠ
ᠶᠡᠬᠡ ᠬᠥᠯ ᠲᠡᠢ ᠨᠠᠢᠷᠠᠨ ᠠ᠋ᠴᠠ ᠰᠡᠳᠬᠢᠯ ᠰᠠᠯᠠᠭᠠᠨ ᠭᠠᠷᠪᠠᠯ
ᠡᠮᠡᠭᠡᠯ ᠦ᠋ᠨ ᠮᠢᠨᠢ ᠮᠥᠩᠭᠥᠨ ᠪᠠᠭᠠᠪᠤᠷ ᠳᠡᠭᠡᠷ᠎ᠡ ᠬᠠᠷ᠎ᠠ ᠴᠢᠭᠢᠭ ᠤᠨᠠᠵᠠᠢ
ᠡᠨᠡᠲᠡᠭᠡ ᠠᠭᠤᠯᠠ ᠶ᠋ᠢᠨ ᠬᠢᠷ᠎ᠠ ᠳ᠋ᠤ᠌ ᠠᠵᠠ ᠶ᠋ᠢᠨ ᠴᠣᠯᠮᠣᠨ ᠥᠶᠥᠭᠡᠳᠡᠵᠡᠢ
ᠬᠠᠢᠷᠠᠯᠠᠵᠤ ᠶᠠᠪᠤᠭᠰᠠᠨ ᠬᠥᠭᠡᠷᠦᠬᠦᠨ ᠬᠣᠷᠭᠣᠯᠵᠢᠨ
ᠬᠠᠳᠠᠨ ᠳ᠋ᠤ᠌ ᠴᠠᠪ ᠰᠠᠭᠤᠲᠠᠯ᠎ᠠ ᠳᠡᠰ ᠳᠡᠰ ᠢᠨᠢᠶᠡᠨ᠎ᠡ
ᠡᠷᠬᠡᠯᠡᠵᠦ ᠤᠨᠠᠭᠰᠠᠨ ᠨᠠᠮᠤᠷ ᠤ᠋ᠨ ᠮᠠᠨᠠᠨ ᠢ᠋ ᠢᠷᠡᠨ ᠡᠷ᠎ᠡ ᠪᠣᠷᠣ ᠬᠠᠷᠴᠠᠭᠠᠢ ᠰᠡᠷᠴᠢᠭᠢᠨᠡᠭᠬᠢᠨ ᠵᠠᠮᠬᠠᠷᠠᠨ᠎ᠠ
ᠤᠭ ᠨᠢ ᠪᠢ ᠲᠡᠳᠡᠨ ᠦ᠌ ᠳ᠋ᠦ᠍ ᠠᠭᠰᠤᠮ ᠲᠠᠯᠪᠢᠶ᠎ᠠ ᠭᠡᠵᠦ ᠣᠴᠢᠭᠰᠠᠨ ᠶᠤᠮ ᠠ᠋
ᠤᠬᠠᠭᠠᠨᠲᠤ ᠠᠷᠠᠳ ᠤ᠋ᠨ ᠳᠠᠭᠤᠨ ᠳ᠋ᠠᠭᠠᠨ ᠬᠦᠯᠢᠶᠡᠲᠡᠢ ᠪᠠᠢᠭ᠎ᠠ ᠳ᠋ᠤ᠌ ᠴᠢᠳᠠᠭᠰᠠᠨ ᠦᠭᠡᠢ
ᠦᠰᠦᠭ ᠬᠠᠲᠠᠭᠰᠠᠨ ᠨᠢ᠄ ᠮᠣᠳᠣᠲᠤ ᠬᠠᠪᠤᠷᠵᠢᠶ᠎ᠠ
ᠦᠰᠦᠭ ᠠᠮᠢᠯᠠᠭᠤᠯᠤᠭᠰᠠᠨ ᠨᠢ᠄ ᠣᠳᠣᠨᠭᠡᠷᠡᠯ
