ᠥᠷᠢᠰᠦᠯᠳᠦᠭᠰᠡᠨ ᠬᠣᠷᠸ᠎ᠠ ᠳᠡᠭᠡᠷ᠎ᠡ - ᠷ ᠂ ᠴᠣᠢᠨᠣᠮ Өрсөлдсөн хорвоо дээр – Р ᠂ Чойном
ᠤᠯᠠᠭᠠᠨ ᠭᠠᠷ ᠢ᠋ᠶ᠋ᠠᠷ ᠢ᠋ᠶ᠋ᠠᠨ ᠳᠠᠢᠰᠤᠨ ᠲᠠᠢ ᠪᠠᠨ
ᠲᠤᠯᠵᠤ ᠥᠰᠦᠭᠰᠡᠨ ᠦ᠌ ᠤᠴᠢᠷ
ᠤᠢᠳᠬᠠᠷ ᠭᠤᠨᠢᠭ ᠤ᠋ᠨ ᠵᠢᠪᠡ
ᠰᠡᠳᠬᠢᠯ ᠢ᠋ ᠮᠢᠨᠢ ᠡᠪᠳᠡᠵᠦ
ᠲᠣᠭᠣᠷᠢᠨ ᠳᠠᠰᠢᠭᠰᠠᠨ ᠨᠥᠬᠥᠳ
ᠲᠤᠭᠤᠷᠭ᠎ᠠ ᠲᠤᠰᠠᠭᠠᠷᠯᠠᠨ ᠣᠳᠴᠤ
ᠲᠣᠭᠣᠨᠣ ᠪᠠᠷ ᠦᠵᠡᠭᠳᠡᠬᠦ ᠣᠳᠣᠨ ᠮᠡᠲᠦ
ᠠᠯᠤᠰ ᠪᠥᠭᠯᠡᠭᠦᠦ ᠣᠷᠣᠰᠢᠭᠠᠳ
ᠲᠣᠯᠣᠭᠠᠢ ᠮᠠᠭᠤᠲᠠᠢ ᠴᠦᠲᠡᠨᠵᠡ ᠮᠡᠲᠦ
ᠪᠢᠴᠢᠬᠠᠨ ᠪᠠᠶᠠᠰᠤᠯ ᠬᠡᠢᠰᠦᠭᠡᠳ
ᠲᠣᠷᠬ᠎ᠠ ᠳᠦᠭᠦᠷᠡᠩ ᠳᠠᠷᠢ ᠰᠢᠭ᠋
ᠬᠦᠴᠦᠲᠦ ᠭᠤᠨᠢᠭ ᠦᠯᠡᠳᠡᠪᠡ᠃
ᠠᠪᠬᠤ ᠢᠳᠡᠬᠦ ᠳᠤᠷᠠᠲᠠᠢ
ᠬᠤᠳᠠᠯ ᠢᠨᠢᠶᠡᠭᠴᠢ ᠪᠦᠬᠦᠨ
ᠠᠮᠠᠨ ᠠ᠋ᠴᠠ ᠭᠠᠷᠬᠤ ᠦᠭᠡ ᠶ᠋ᠢ ᠴᠦ᠍
ᠬᠤᠯᠠᠭᠠᠢ ᠬᠢᠬᠦ ᠰᠠᠨᠠᠭᠠᠲᠠᠢ
ᠠᠪᠢᠶᠠᠰ ᠪᠢᠯᠢᠭ ᠡᠴᠡ ᠠᠶᠤᠭᠴᠢ
ᠬᠤᠪᠢ ᠪᠠᠨ ᠬᠢᠴᠢᠶᠡᠭᠴᠢ ᠪᠦᠬᠦᠨ
ᠠᠭᠠᠷ ᠢ᠋ ᠬᠦᠷᠲᠡᠯ᠎ᠡ ᠨᠠᠳᠠ
ᠬᠤᠳᠠᠯᠳᠤᠵᠤ ᠥᠭᠬᠦ ᠰᠠᠨᠠᠭᠠᠲᠠᠢ᠃
ᠲᠡᠮᠡᠴᠡᠯᠳᠦ ᠬᠣᠷᠸ᠎ᠠ ᠳ᠋ᠤ᠌
ᠲᠡᠮᠡᠴᠡᠵᠦ ᠶᠠᠪᠤᠬᠤ ᠨᠢ ᠶᠣᠰᠣᠨ ᠪᠣᠯᠪᠠᠴᠤ
ᠲᠡᠨᠡᠭ ᠦ᠋ᠳ ᠦ᠋ᠨ ᠳᠤᠮᠳᠠ
ᠭᠠᠭᠴᠠᠭᠠᠷ ᠢ᠋ᠶ᠋ᠠᠨ ᠣᠢᠭᠠᠳ ᠠᠮᠠᠨ ᠤ᠋ ᠭᠠᠷᠤᠵᠠ
ᠲᠡᠳᠡᠨ ᠳ᠋ᠦ᠍ ᠬᠡᠷᠡᠭᠲᠡᠢ᠂
ᠨᠠᠳᠠ ᠳ᠋ᠤ᠌ ᠬᠠᠩᠭᠠᠯᠲᠠᠲᠠᠢ ᠤᠬᠠᠭᠠᠨ ᠰᠦᠢᠬᠡ ᠪᠡᠨ
ᠲᠡᠩᠴᠡᠭᠦᠯᠵᠦ ᠂ ᠲᠦᠭᠡᠭᠡᠬᠦ ᠭᠡᠵᠦ
ᠰᠠᠨᠠᠭᠠᠳ ᠰᠠᠨᠠᠭᠠᠳ ᠰᠠᠨᠠᠭᠠᠨ ᠤ᠋ ᠭᠠᠷᠤᠵᠠ
ᠢᠷᠠᠭᠤ ᠰᠢᠯᠦᠭ ᠲᠦ᠍ ᠮᠢᠨᠢ
ᠪᠠᠷᠠᠭᠠᠨ ᠥᠩᠭᠡ ᠰᠡᠭᠦᠳᠡᠷ ᠮᠡᠲᠦ ᠲᠤᠰᠤᠭᠰᠠᠨ ᠨᠢ
ᠢᠪᠴᠤᠷᠠᠯ ᠪᠢᠰᠢ
ᠰᠡᠳᠬᠢᠯ ᠵᠣᠪᠠᠭᠰᠠᠨ ᠠᠶᠠᠰ ᠪᠣᠯᠪᠠ ᠤᠤ?
ᠶᠠᠷᠢᠶ᠎ᠠ ᠬᠡᠯᠡᠨ ᠦ᠌ ᠮᠢᠨᠢ
ᠭᠠᠰᠢᠭᠤᠨ ᠦᠭᠡ ᠳᠠᠪᠤᠰᠤ ᠮᠡᠲᠦ ᠰᠢᠩᠭᠡᠭᠰᠡᠨ ᠨᠢ
ᠶᠠᠳᠠᠭᠤᠷᠠᠯ ᠪᠢᠰᠢ
ᠬᠠᠲᠠᠭᠤᠷᠠᠯ ᠪᠠᠰᠠ ᠪᠠᠢᠭ᠎ᠠ ᠴᠤ᠌ ᠪᠣᠯᠪᠠ ᠤᠤ?
ᠪᠠᠢᠭᠠᠯᠢ ᠨᠡᠢᠭᠡᠮ ᠢ᠋ ᠣᠢᠯᠠᠭᠠᠬᠤ ᠰᠦᠪᠡ ᠦᠭᠡᠢ
ᠴᠢᠯᠠᠭᠤᠨ ᠲᠠᠷᠢᠬᠢ ᠶ᠋ᠢ
ᠪᠠᠳᠠᠭ ᠰᠢᠯᠦᠭ ᠢ᠋ᠶ᠋ᠡᠷ ᠥᠷᠥᠮᠳᠡᠬᠦ ᠭᠡᠬᠦ ᠳ᠋ᠦ᠍
ᠨᠠᠰᠤ ᠮᠢᠨᠢ ᠬᠦᠷᠬᠦ ᠦᠭᠡᠢ
ᠪᠠᠢᠶ᠎ᠠ ᠭᠡᠬᠦ ᠳ᠋ᠦ᠍
ᠰᠡᠳᠬᠢᠯ ᠲᠡᠪᠴᠢᠬᠦ ᠦᠭᠡᠢ ᠮᠢᠨᠦ ᠬᠤᠪᠢ ᠳ᠋ᠤ᠌
ᠪᠠᠢᠭ᠎ᠠ ᠵᠣᠪᠠᠯᠠᠩ
ᠭᠠᠭᠴᠠᠬᠠᠨ ᠡᠨᠡ ᠂ ᠭᠤᠨᠢᠭ ᠴᠤ᠌ ᠡᠨᠡ ᠃
※ ᠢᠷᠡᠯᠲᠡ᠄
《 ᠷ · ᠴᠣᠶ᠋ᠢᠨᠣᠮ ᠦ᠋ᠨ ᠰᠢᠯᠦᠭ ᠵᠣᠬᠢᠶᠠᠯ ᠬᠤᠷᠢᠶᠠᠬᠤᠢ — 》
— ᠤᠶᠠᠩᠬ᠋᠎ᠠ ᠶ᠋ᠢᠨ ᠰᠢᠯᠦᠭ ᠡᠴᠡ ᠬᠠᠭᠤᠯᠪᠠ ᠃
ᠪᠢ · ᠳᠠᠮᠳᠢᠨᠰᠦ᠋ᠷᠦᠩ ᠡᠮᠬᠢᠤᠠᠬᠡᠨ ᠨᠠᠶ᠋ᠢᠷᠠᠭᠤᠯᠪᠠ
ᠬᠠᠷᠢᠭᠤᠴᠠᠭᠰᠠᠨ ᠨᠠᠶ᠋ᠢᠷᠠᠭᠤᠯᠤᠭᠴᠢ ᠄ ᠪᠣᠷᠤᠨᠤᠳ ᠳᠣᠷᠵᠢ
ᠦᠰᠦᠭ ᠠᠮᠢᠯᠠᠭᠤᠯᠤᠭᠠᠴᠢ᠄ ᠰᠡᠷᠭᠦᠯᠡᠩ
ᠬᠢᠨᠠᠭᠴᠢ᠄ ᠭᠠᠷᠮ᠎ᠠ
