ᠬᠡᠯᠡᠭᠡᠴᠢ ᠡ! ᠮᠢᠨᠦ ᠰᠢᠲᠦᠭᠡᠨ ᠬᠠᠮᠢᠭ᠎ᠠ ᠶᠤᠮ ᠪᠣᠯ - ᠷ ᠂ ᠴᠣᠢᠨᠣᠮ Хэлээч ээ !Миний шүтээн хаана юм бол – Р ᠂ Чойном ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠡᠯᠡᠭᠡᠴᠢ ᠡ! ᠮᠢᠨᠦ ᠰᠢᠲᠦᠭᠡᠨ ᠬᠠᠮᠢᠭ᠎ᠠ ᠶᠤᠮ ᠪᠣᠯ - ᠷ ᠂ ᠴᠣᠢᠨᠣᠮ Хэлээч ээ !Миний шүтээн хаана юм бол – Р ᠂ Чойном

ᠬᠡᠯᠡᠭᠡᠴᠢ ᠡ! ᠮᠢᠨᠦ ᠰᠢᠲᠦᠭᠡᠨ ᠬᠠᠮᠢᠭ᠎ᠠ ᠶᠤᠮ ᠪᠣᠯ - ᠷ ᠂ ᠴᠣᠢᠨᠣᠮ Хэлээч ээ !Миний шүтээн хаана юм бол – Р ᠂ Чойном

2023-07-25

291

ᠬᠡᠯᠡᠭᠡᠴᠢ ᠡ! ᠮᠢᠨᠦ ᠰᠢᠲᠦᠭᠡᠨ ᠬᠠᠮᠢᠭ᠎ᠠ ᠶᠤᠮ ᠪᠣᠯ?


  
  ᠬᠡᠯᠡᠭᠡᠴᠢ ᠠ᠋! ᠮᠢᠨᠦ ᠰᠢᠲᠦᠭᠡᠨ ᠬᠠᠮᠢᠭ᠎ᠠ ᠶᠤᠮ ᠪᠣᠢ?  
  ᠠᠭᠤᠯᠠᠨ ᠳᠤᠮᠳᠠ ᠪᠠᠨ ᠤᠷᠭᠤᠭᠰᠠᠨ  
  ᠤᠳᠠ ᠶ᠋ᠢᠨ ᠤᠯᠠᠭᠠᠨ ᠮᠣᠳᠣ ᠶᠤᠮ ᠤᠤ?  
  ᠤᠷᠢᠨ ᠵᠤᠨ ᠳ᠋ᠠᠭᠠᠨ ᠳᠡᠯᠭᠡᠷᠡᠭᠰᠡᠨ  
  ᠤᠳᠪᠠᠯᠠ ᠶ᠋ᠢᠨ ᠴᠠᠭᠠᠨ ᠴᠡᠴᠡᠭ ᠶᠦᠮ ᠦᠦ?  

  ᠬᠡᠯᠡᠭᠡᠴᠢ ᠠ᠋! ᠮᠢᠨᠦ ᠰᠢᠲᠦᠭᠡᠨ ᠬᠠᠮᠢᠭ᠎ᠠ ᠶᠤᠮ ᠪᠣᠢ?  
  ᠡᠩᠬᠦᠷᠡᠢ ᠬᠠᠢᠷ᠎ᠠ ᠶ᠋ᠢᠨ ᠲᠩᠷᠢ ᠳ᠋ᠦ᠍  
  ᠡᠯᠢᠨ ᠬᠠᠯᠢᠬᠤ ᠰᠢᠪᠠᠭᠤᠬᠠᠢ ᠶᠤᠮ ᠤᠤ?  
  ᠡᠷᠬᠡ ᠴᠢᠯᠥᠭᠡᠨ ᠦ᠌ ᠲᠠᠩᠭᠢᠰ ᠳᠡᠭᠡᠷ᠎ᠡ  
  ᠡᠷᠬᠡᠯᠡᠨ ᠨᠠᠭᠠᠳᠬᠤ ᠵᠢᠷᠠᠭᠠᠬᠠᠢ ᠶᠤᠮ ᠤᠤ?  

  ᠬᠡᠯᠡᠭᠡᠴᠢ ᠠ᠋! ᠮᠢᠨᠦ ᠰᠢᠲᠦᠭᠡᠨ ᠬᠠᠮᠢᠭ᠎ᠠ ᠶᠤᠮ ᠪᠣᠢ?  
  ᠠᠰᠤᠷᠢ ᠲᠩᠷᠢ ᠡᠴᠡ ᠪᠠᠭᠤᠵᠤ ᠢᠷᠡᠭᠰᠡᠨ  
  ᠠᠯᠲᠠᠨ ᠲᠠᠯ᠎ᠠ ᠶ᠋ᠢᠨ ᠦᠵᠦᠭᠦᠷ ᠶᠦᠮ ᠦᠦ?  
  ᠠᠯᠠᠭ ᠵᠢᠷᠦᠬᠡᠨ ᠡᠴᠡ ᠤᠷᠭᠤᠵᠤ ᠣᠨᠳᠣᠷᠤᠭᠰᠠᠨ  
  ᠠᠮᠠᠷᠠᠭ ᠬᠠᠢᠷ᠎ᠠ ᠶ᠋ᠢᠨ ᠮᠢᠨᠢ ᠣᠩᠭᠣᠳ ᠶᠤᠮ ᠤᠤ?  

  ᠬᠡᠯᠡᠭᠡᠴᠢ ᠠ᠋! ᠮᠢᠨᠦ ᠰᠢᠲᠦᠭᠡᠨ ᠬᠡᠨ ᠶᠦᠮ ᠪᠣᠢ? 
  ᠵᠡᠭᠦᠳᠦᠨ ᠳᠤᠮᠳᠠ ᠪᠠᠨ ᠰᠦᠮᠪᠦᠷᠯᠡᠭᠰᠡᠨ 
  ᠵᠢᠷᠦᠬᠡᠨ ᠦ᠌ ᠤᠯᠠᠭᠠᠨ ᠠᠭᠤᠯᠠᠰ ᠶᠤᠮ ᠤᠤ?  
  ᠴᠠᠭᠠᠰᠤᠨ ᠳᠡᠭᠡᠷ᠎ᠡ ᠮᠢᠨᠢ ᠰᠦᠨᠳᠡᠷᠯᠡᠭᠰᠡᠨ 
  ᠴᠠᠭᠠᠨ ᠰᠢᠯᠦᠭ ᠦ᠋ᠨ ᠴᠠᠳᠢᠭ ᠶᠤᠮ ᠤᠤ?   

  ᠬᠡᠯᠡᠭᠡᠴᠢ ᠠ᠋! ᠮᠢᠨᠦ ᠰᠢᠲᠦᠭᠡᠨ ᠬᠡᠵᠢᠶ᠎ᠡ ᠶᠦᠮ ᠪᠣᠢ? 
  ᠪᠢᠳᠡᠨ ᠦ᠌ ᠲᠣᠬᠢᠶᠠᠯ 
  ᠰᠢᠯ ᠲᠡᠢ ᠳᠠᠷᠠᠰᠤ ᠮᠡᠯᠲᠡᠯᠵᠡᠭᠰᠡᠨ  
  ᠰᠢᠷᠡᠭᠡᠨ ᠦ᠌ ᠳᠡᠷᠭᠡᠳᠡ ᠶᠦᠮ ᠦᠦ?  
  ᠰᠢᠪᠡᠨᠡᠭᠡ ᠰᠠᠯᠬᠢ ᠰᠡᠪᠡᠯᠵᠡᠭᠰᠡᠨ  
  ᠰᠡᠷᠢᠭᠦᠨ ᠦ᠌ ᠰᠠᠢᠬᠠᠨ ᠡᠳᠦᠷ ᠪᠣᠯ ᠤᠤ?   

  ᠬᠡᠯᠡᠭᠡᠴᠢ ᠠ᠋!᠂ ᠮᠢᠨᠦ ᠰᠢᠲᠦᠭᠡᠨ ᠬᠡᠨ ᠶᠦᠮ ᠪᠣᠢ  
  ᠪᠢᠳᠡᠨ ᠦ᠌ ᠲᠣᠬᠢᠶᠠᠯ 
  ᠦᠳᠡ ᠶ᠋ᠢᠨ ᠨᠠᠷᠠᠨ ᠲᠥᠭᠡᠨᠡᠬᠦ  
  ᠦᠵᠡᠰᠬᠦᠯᠡᠩᠲᠦ ᠨᠢᠭᠡᠨ ᠡᠳᠦᠷ ᠦᠦ?  
  ᠦᠷ ᠦ᠋ᠨ ᠭᠡᠭᠡ ᠤᠭᠲᠤᠬᠤ 
  ᠦᠨᠡᠭᠡᠨ ᠬᠠᠷᠠᠩᠭᠤᠢ ᠰᠥᠨᠢ  ᠪᠡᠷ ᠦᠦ?  

  ᠬᠡᠯᠡᠭᠡᠴᠢ ᠠ᠋!   ᠮᠢᠨᠦ ᠰᠢᠲᠦᠭᠡᠨ ᠬᠡᠵᠢᠶ᠎ᠡ ᠶᠦᠮ ᠪᠣᠢ?  
  ᠪᠢᠳᠡᠨ ᠦ᠌ ᠲᠣᠬᠢᠶᠠᠯ   
  ᠣᠷᠳᠣᠨ ᠤ᠋ ᠡᠭᠦᠳᠡᠨ ᠳ᠋ᠦ᠍ ᠬᠦᠯᠢᠶᠡᠬᠦ  
  ᠣᠩᠭᠣᠨ ᠮᠥᠷᠥᠭᠡᠳᠦᠯ ᠦ᠋ᠨ ᠲᠡᠨᠳᠡ ᠤᠤ?  
  ᠣᠷᠣᠨ ᠤ᠋ ᠬᠥᠰᠢᠭᠡ ᠴᠡᠴᠡᠷᠡᠬᠦ  
  ᠣᠯᠣᠮ ᠦᠭᠡᠢ ᠵᠢᠷᠭᠠᠯ ᠤ᠋ᠨ ᠳᠤᠮᠳᠠ ᠤᠤ? 

  ᠬᠡᠯᠡᠭᠡᠴᠢ ᠠ᠋! 
  ᠮᠢᠨᠦ ᠰᠢᠲᠦᠭᠡᠨ 
   ᠬᠡᠵᠢᠶ᠎ᠡ ᠴᠤ᠌  ᠪᠢ ᠴᠢᠨᠢ ᠪᠡᠯᠡᠬᠡᠨ ᠪᠠᠢᠨ᠎ᠠ ᠃ 

※ ᠢᠷᠡᠯᠲᠡ᠄
《 ᠷ · ᠴᠣᠶ᠋ᠢᠨᠣᠮ ᠦ᠋ᠨ ᠰᠢᠯᠦᠭ ᠵᠣᠬᠢᠶᠠᠯ ᠬᠤᠷᠢᠶᠠᠬᠤᠢ — 》
            — ᠤᠶᠠᠩᠬ᠋᠎ᠠ ᠶ᠋ᠢᠨ ᠰᠢᠯᠦᠭ ᠡᠴᠡ ᠬᠠᠭᠤᠯᠪᠠ ᠃
             ᠪᠢ‍  · ᠳᠠᠮᠳᠢᠨᠰᠦ᠋ᠷᠦᠩ ᠡᠮᠬᠢᠤᠠᠬᠡᠨ ᠨᠠᠶ᠋ᠢᠷᠠᠭᠤᠯᠪᠠ
             ᠬᠠᠷᠢᠭᠤᠴᠠᠭᠰᠠᠨ ᠨᠠᠶ᠋ᠢᠷᠠᠭᠤᠯᠤᠭᠴᠢ ᠄ ᠪᠣᠷᠤᠨᠤᠳ ᠳᠣᠷᠵᠢ


       ᠦᠰᠦᠭ ᠠᠮᠢᠯᠠᠭᠤᠯᠤᠭᠴᠢ᠄ ᠭᠠᠷᠮ᠎ᠠ
           ᠬᠢᠨᠠᠭᠴᠢ᠄ ᠣᠳᠬᠠᠨᠰᠣ᠎ᠠ