ᠠᠭᠤᠯᠠᠨ ᠳ᠋ᠤ᠌ ᠤᠷᠭᠤᠭᠰᠠᠨ ᠮᠣᠳᠣ-ᠣᠷᠳᠣᠰ ᠠᠷᠠᠳ ᠤᠨ ᠳᠠᠭᠤᠤ12Ууланд оргосон мод ᠠᠷᠠᠳ ᠤ᠋ᠨ ᠳᠠᠭᠤᠤ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠠᠭᠤᠯᠠᠨ ᠳ᠋ᠤ᠌ ᠤᠷᠭᠤᠭᠰᠠᠨ ᠮᠣᠳᠣ-ᠣᠷᠳᠣᠰ ᠠᠷᠠᠳ ᠤᠨ ᠳᠠᠭᠤᠤ12Ууланд оргосон мод

ᠠᠭᠤᠯᠠᠨ ᠳ᠋ᠤ᠌ ᠤᠷᠭᠤᠭᠰᠠᠨ ᠮᠣᠳᠣ-ᠣᠷᠳᠣᠰ ᠠᠷᠠᠳ ᠤᠨ ᠳᠠᠭᠤᠤ12Ууланд оргосон мод

2023-07-25

332

ᠠᠭᠤᠯᠠᠨ ᠳ᠋ᠤ᠌ ᠤᠷᠭᠤᠭᠰᠠᠨ ᠮᠣᠳᠣ

   ᠣᠷᠳᠣᠰ ᠠᠷᠠᠳ ᠤᠨ ᠳᠠᠭᠤᠤ 
ᠠᠭᠤᠯᠠᠨ ᠳ᠋ᠤ᠌ ᠤᠷᠭᠤᠭᠰᠠᠨ ᠯᠠ ᠮᠣᠳᠣ ᠨᠢ 
ᠭᠠᠯᠪᠢᠷ ᠽᠠᠨᠳᠠᠨ ᠠᠳᠠᠯᠢᠬᠠᠨ 
ᠲᠡᠷᠡ ᠬᠡᠢᠳ ᠦ᠋ᠨ ᠬᠤᠪᠢᠯᠭᠠᠨ ᠨᠤᠭᠤᠳ 
ᠠᠮᠢᠳᠤ ᠪᠤᠷᠬᠠᠨ ᠠᠳᠠᠯᠢᠬᠠᠨ 

ᠮᠠᠩᠨᠠᠢ ᠳᠡᠭᠡᠷ᠎ᠡ ᠪᠡᠨ ᠮᠠᠨᠳᠠᠯ ᠲᠠᠢ 
ᠮᠠᠨᠽᠤᠰᠢᠷᠢ ᠶ᠋ᠢᠨ ᠰᠢᠲᠦᠭᠡᠨ ᠲᠡᠢ 
ᠮᠠᠨ ᠤ᠋ ᠭᠦᠷᠦᠨ ᠦ᠌ ᠠᠮᠢᠲᠠᠨ 
ᠭᠠᠢᠬᠠᠮᠰᠢᠭᠲᠤ ᠰᠢᠲᠦᠭᠡᠨ ᠲᠡᠢ 

ᠣᠷᠣᠢ ᠳᠡᠭᠡᠷ᠎ᠡ ᠪᠡᠨ ᠸᠴᠢᠷ ᠲᠡᠢ 
ᠸᠴᠢᠷ ᠸᠠᠩ ᠤ᠋ᠨ ᠰᠢᠲᠦᠭᠡᠨ ᠲᠡᠢ 
ᠣᠷᠴᠢᠯᠠᠩ ᠤ᠋ᠨ ᠠᠮᠢᠲᠠᠨ 
ᠭᠠᠢᠬᠠᠮᠰᠢᠭᠲᠤ ᠰᠢᠲᠦᠭᠡᠨ ᠲᠡᠢ 

ᠵᠠᠭᠠᠨ ᠤ᠋ ᠶᠠᠰᠤ ᠪᠠᠷ ᠵᠠᠰᠠᠭᠰᠠᠨ ᠳ᠋ᠣᠣ
ᠵᠢᠭᠠᠰᠤᠨ ᠤ᠋ ᠶᠠᠰᠤ ᠪᠠᠷ ᠰᠡᠢᠯᠦᠭᠰᠡᠨ ᠳ᠋ᠣᠣ
ᠲᠡᠢᠮᠦ ᠰᠠᠢᠬᠠᠨ ᠭᠦᠩᠭᠠᠷᠸ᠎ᠠ
ᠴᠣᠨᠵᠤᠭᠤᠷ ᠳᠠᠷᠬᠠᠨ ᠰᠡᠢᠯᠦᠭᠰᠡᠨ ᠳ᠋ᠣᠣ

ᠯᠤᠤ ᠶ᠋ᠢᠨ ᠶᠠᠰᠤ ᠪᠠᠷ ᠵᠠᠰᠠᠭᠰᠠᠨ
ᠨᠤᠭᠤᠰᠤᠨ ᠤ᠋ ᠶᠠᠰᠤ ᠪᠠᠷ ᠰᠡᠢᠯᠦᠭᠰᠡᠨ ᠳ᠋ᠣᠣ
ᠲᠡᠢᠮᠦ ᠰᠠᠢᠬᠠᠨ ᠭᠦᠩᠭᠠᠷᠸ᠎ᠠ
ᠴᠣᠨᠵᠤᠭᠤᠷ ᠳᠠᠷᠬᠠᠨ ᠰᠡᠢᠯᠦᠭᠰᠡᠨ ᠳ᠋ᠣᠣ