ᠵᠥᠪ ᠪᠢᠴᠢᠯᠭᠡ ᠶ᠋ᠢᠨ ᠮᠡᠲᠡᠯᠭᠡ - ᠨᠢᠭᠡ ( ᠬᠡᠯᠡ ᠪᠢᠴᠢᠭ – ᠳᠣᠯᠣᠳᠤᠭᠠᠷ ᠳᠡᠪᠲᠡᠷ) Зөв бичлэгийн мэдлэг – нэг( Хэл бичиг – Долдугар дэвтэр)
ᠵᠦᠪ ᠪᠢᠴᠢᠯᠭᠡ ᠶ᠋ᠢᠨ ᠮᠡᠳᠡᠯᠭᠡ < ᠨᠢᠭᠡ >
1 ᠬᠣᠯᠪᠣᠬᠤ ᠡᠭᠡᠰᠢᠭ ᠦ᠋ᠨ ᠳᠦᠷᠢᠮ
ᠬᠤᠪᠢᠯᠤᠭᠴᠢ ᠦᠰᠦᠭ《 ᠊ᠨ᠊᠂ ᠊ᠪ᠊᠂ ᠊ᠤᠠ᠊᠂ ᠊ᠰ᠊᠂ ᠊ᠷ᠊᠂ ᠊ᠯ᠊》 ᠢ᠋ᠶ᠋ᠡᠷ ᠲᠡᠭᠦᠰᠦᠭᠰᠡᠨ ᠦᠭᠡᠨ ᠳ᠋ᠦ᠍ ᠬᠤᠪᠢᠯᠭᠠᠭᠴᠢ ᠦᠰᠦᠭ 《 ᠊ᠨ᠊᠂ ᠊ᠮ᠊᠂ ᠊ᠶ᠊᠂ ᠊ᠠᠠ᠊ ᠊ᠬ᠋᠊(g)᠂ ᠊ᠷ᠊᠂ ᠊ᠯ᠊》 ᠬᠢᠭᠡᠳ ᠤᠷᠲᠤᠳᠬᠠᠯ《 ᠊ᠭᠠ᠊᠂ ᠊ᠭᠡ᠊(ge)᠂ ᠊ᠭᠤ᠊[gu᠂ ᠊ᠭᠦ᠊[gʉ]》 ᠪᠡᠷ ᠡᠬᠢᠯᠡᠭᠰᠡᠨ ᠳᠠᠭᠠᠪᠤᠷᠢ ᠵᠠᠯᠭᠠᠬᠤ ᠳ᠋ᠤ᠌ ᠬᠣᠭᠣᠷᠣᠨᠳᠣ ᠪᠠᠨ ᠬᠣᠯᠪᠣᠬᠤ ᠡᠬᠡᠰᠢᠭ《 ᠊ᠤ᠊[ u᠂ ʉ ]》ᠠᠪᠳᠠᠭ᠃ ᠡᠭᠦᠨ ᠢ᠋ ᠬᠣᠯᠪᠣᠬᠤ ᠡᠬᠡᠰᠢᠭ ᠦ᠋ᠨ ᠳᠦᠷᠢᠮ ᠭᠡᠨ᠎ᠡ᠃
ᠵᠢᠱ᠌ᠢᠶᠡᠯᠡᠪᠡᠯ᠄
ᠲᠤᠨ+ ᠊ᠨ᠎ᠠ— ᠲᠤᠨᠤᠨ᠎ᠠ
ᠰᠤᠷ+ ᠊ᠯᠴᠠ— ᠰᠤᠷᠤᠯᠴᠠ
ᠠᠩᠬᠠᠷ+ ᠊ᠮᠵᠢ— ᠠᠩᠬᠠᠷᠤᠮᠵᠢ
ᠬᠠᠪᠰᠤᠷ+ ᠊ᠶ᠎ᠠ— ᠬᠠᠪᠰᠤᠷᠤᠶ᠎ᠠ
ᠪᠣᠰ+ ᠊ᠭᠠᠳ— ᠪᠣᠰᠤᠭᠠᠳ
ᠰᠣᠨᠣᠰ+ ᠊ᠭ᠋ᠰᠠᠨ— ᠰᠣᠨᠣᠰᠤᠭᠰᠠᠨ
ᠠᠪ+ ᠊ᠯᠠ— ᠠᠪᠤᠯ᠎ᠠ
ᠦᠢᠯᠡᠳ+ ᠊ᠭ᠌ᠰᠡᠨ —ᠦᠢᠯᠡᠳᠦᠭᠰᠡᠨ
ᠰᠤᠳᠤᠯ+ ᠊ᠭ᠋ᠰᠠᠨ— ᠰᠤᠳᠤᠯᠤᠭᠰᠠᠨ ᠭᠡᠬᠦ ᠮᠡᠲᠦ᠃
ᠬᠤᠪᠢᠯᠤᠭᠴᠢ ᠦᠰᠦᠭ ᠢ᠋《 ᠨᠡᠪᠲᠡ ᠰᠠᠷᠠᠯ》 ᠭᠡᠵᠦ᠂ ᠬᠤᠪᠢᠯᠭᠠᠭᠴᠢ ᠦᠰᠦᠭ ᠢ᠋《 ᠨᠠᠮᠢᠶ᠎ᠠ ᠭᠠᠷᠤᠯ᠎ᠠ》 ᠭᠡᠵᠦ ᠴᠡᠭᠡᠵᠢᠯᠡᠵᠦ ᠪᠣᠯᠤᠨ᠎ᠠ᠃
ᠬᠤᠪᠢᠯᠤᠭᠴᠢ ᠦᠰᠦᠭ《 ᠊ᠨ᠊᠂ ᠊ᠪ᠊᠂ ᠊ᠤᠠ᠊᠂ ᠊ᠰ᠊᠂ ᠊ᠷ᠊᠂ ᠊ᠯ᠊》 ᠢ᠋ᠶ᠋ᠡᠷ ᠲᠡᠭᠦᠰᠦᠭᠰᠡᠨ ᠦᠭᠡᠨ ᠳ᠋ᠦ᠍ ᠡᠰᠡ ᠬᠤᠪᠢᠯᠭᠠᠭᠴᠢ ᠦᠰᠦᠭ《 ᠊ᠴ᠊᠂ ᠊ᠵ᠊᠂ ᠊ᠳ᠊᠂ ᠊ᠪ᠊᠂ ᠊ᠲ᠋᠊᠂ ᠊ᠭ᠋᠊ ᠊ᠭ᠌᠊[h] 》 ᠬᠢᠭᠡᠳ ᠤᠷᠲᠤᠳᠬᠠᠯ ᠪᠢᠰᠢ《 ᠊ᠭᠠ᠊᠂ ᠊ᠭᠡ᠊(ge)᠂ ᠊ᠭᠤ᠊(gu)᠂ ᠊ᠭᠦ᠊[gʉ] 》 ᠡᠬᠢ ᠲᠡᠢ ᠳᠠᠭᠠᠪᠤᠷᠢ ᠵᠠᠯᠭᠠᠬᠤ ᠳ᠋ᠤ᠌ ᠬᠣᠭᠣᠷᠣᠨᠳᠣ ᠪᠠᠨ ᠬᠣᠯᠪᠣᠬᠤ ᠡᠬᠡᠰᠢᠭ ᠠᠪᠬᠤ ᠦᠭᠡᠢ᠃
ᠵᠢᠱ᠌ᠢᠶᠡᠯᠡᠪᠡᠯ᠄
ᠭᠠᠷ+ ᠊ᠬᠤ— ᠭᠠᠷᠬᠤ
ᠰᠣᠨᠣᠰ+ ᠊ᠲᠠᠭ— ᠰᠣᠨᠣᠰᠳᠠᠭ
ᠠᠪ+ ᠊ᠴᠠᠢ— ᠠᠪᠴᠠᠢ
ᠨᠠᠭᠠᠳ+ ᠊ᠬᠤ—ᠨᠠᠭᠠᠳᠬᠤ
ᠰᠤᠳᠤᠯ+ ᠊ᠪᠠ— ᠰᠤᠳᠤᠯᠪᠠ ᠭᠡᠬᠦ ᠮᠡᠲᠦ᠃
ᠡᠰᠡ ᠬᠤᠪᠢᠯᠭᠠᠭᠴᠢ ᠦᠰᠦᠭ ᠢ᠋《 ᠴᠣᠣᠵᠢ ᠳᠠᠪᠲᠠᠬᠤ》 ᠭᠡᠵᠦ ᠴᠡᠭᠡᠵᠢᠯᠡᠵᠦ ᠪᠣᠯᠤᠨ᠎ᠠ᠃
2 ᠣᠨᠴᠣᠭᠣᠢ ᠪᠢᠴᠢᠯᠭᠡ ᠶ᠋ᠢᠨ ᠳᠦᠷᠢᠮ
1《 ᠠᠪ》 ᠭᠡᠳᠡᠭ ᠦᠭᠡᠨ ᠳ᠋ᠦ᠍ ᠡᠰᠡ ᠬᠤᠪᠢᠯᠭᠠᠭᠴᠢ ᠡᠬᠢ ᠲᠡᠢ《 ᠊ᠪ᠊ 》 ᠳᠠᠭᠠᠪᠤᠷᠢ ᠵᠠᠯᠭᠠᠬᠤ ᠳ᠋ᠤ᠌ ᠬᠣᠭᠣᠷᠣᠨᠳᠣ ᠪᠠᠨ ᠬᠣᠯᠪᠣᠬᠤ ᠡᠬᠡᠰᠢᠭ( 《 ᠊ᠤ᠊ 》) ᠠᠪᠤᠨ᠎ᠠ᠃
ᠵᠢᠱ᠌ᠢᠶᠡᠯᠡᠪᠡᠯ᠄
᠊ᠪᠠᠴᠤ — ᠠᠪᠤᠪᠠᠴᠤ
ᠠᠪ + { ᠊ᠪᠠᠯ — ᠠᠪᠤᠪᠠᠯ
᠊ᠪᠠ — ᠠᠪᠤᠪᠠ
2《 ᠥᠭ》 ᠭᠡᠳᠡᠭ ᠦᠭᠡᠨ ᠳ᠋ᠦ᠍ ᠬᠤᠪᠢᠯᠭᠠᠭᠴᠢ ᠦᠰᠦᠭ ᠢ᠋ᠶ᠋ᠡᠷ ᠡᠬᠢᠯᠡᠭᠰᠡᠨ ᠳᠠᠭᠠᠪᠤᠷᠢ ᠵᠠᠯᠭᠠᠬᠤ ᠳ᠋ᠤ᠌ ᠬᠣᠭᠣᠷᠣᠨᠳᠣ ᠪᠠᠨ《 ᠊ᠤ᠊》 ᠡᠬᠡᠰᠢᠭ ᠠᠪᠬᠤ ᠦᠭᠡᠢ᠂ ᠬᠠᠷᠢᠨ《 ᠊ᠭᠦ᠊[gʉ]》 ᠦᠰᠦᠭ ᠠᠪᠳᠠᠭ ᠪᠠᠢᠨ᠎ᠠ᠃
ᠵᠢᠱ᠌ᠢᠶᠡᠯᠡᠪᠡᠯ᠄
᠊ᠯᠡ — ᠦᠭᠬᠦᠯ᠎ᠡ
ᠬᠡᠷᠡᠢ — ᠥᠭᠭᠦᠭᠡᠷᠡᠢ
ᠥᠭ + { ᠊ᠶ᠎ᠡ — ᠥᠭᠬᠦᠶ᠎ᠡ
᠊ᠭ᠌᠊ᠰᠡᠨ — ᠥᠭᠭᠦᠭᠰᠡᠨ
᠊ᠮᠡᠭᠴᠡ — ᠥᠭᠭᠦᠮᠡᠭᠴᠡ
ᠡᠳᠡᠭᠡᠷ ᠢ᠋ ᠣᠨᠴᠣᠭᠣᠢ ᠪᠢᠴᠢᠯᠭᠡ ᠶ᠋ᠢᠨ ᠳᠦᠷᠢᠮ ᠭᠡᠨ᠎ᠡ᠃
※ᠢᠷᠡᠯᠲᠡ ᠄
ᠠᠯᠪᠠᠨ ᠵᠢᠷᠤᠮ ᠤ᠋ᠨ ᠲᠠᠪᠤᠨ ᠵᠢᠯ ᠦ᠋ᠨ ᠳᠦᠷᠢᠮᠲᠦ ᠪᠠᠭ᠎ᠠ ᠰᠤᠷᠭᠠᠭᠤᠯᠢ ᠳ᠋ᠤ᠌ ᠦᠵᠡᠬᠦ
ᠬᠡᠯᠡ ᠪᠢᠴᠢᠭ ᠳᠣᠯᠣᠳᠤᠭᠠᠷ ᠳᠡᠪᠲᠡᠷ
ᠥᠪᠥᠷ ᠮᠣᠩᠭᠣᠯ ᠤ᠋ᠨ ᠰᠤᠷᠭᠠᠨ ᠬᠥᠮᠦᠵᠢᠯ ᠦ᠋ᠨ ᠬᠡᠪᠯᠡᠯ ᠦ᠋ᠨ ᠬᠣᠷᠢᠶ᠎ᠠ ᠨᠠᠢᠷᠠᠭᠤᠯᠤᠨ ᠬᠡᠪᠯᠡᠭᠦᠯᠪᠡ
ᠥᠪᠥᠷ ᠮᠣᠩᠭᠣᠯ ᠤ᠋ᠨ ᠰᠢᠨᠬᠤᠸᠠ ᠨᠣᠮ ᠤ᠋ᠨ ᠳᠡᠯᠭᠡᠭᠦᠷ ᠲᠠᠷᠬᠠᠭᠠᠪᠠ
ᠥᠪᠥᠷ ᠮᠣᠩᠭᠣᠯ ᠤ᠋ᠨ ᠰᠤᠷᠭᠠᠨ ᠬᠥᠮᠦᠵᠢᠯ ᠦ᠋ᠨ ᠬᠡᠪᠯᠡᠬᠦ ᠦᠢᠯᠡᠳᠪᠦᠷᠢ ᠬᠡᠪᠯᠡᠪᠡ
1991 ᠣᠨ ᠤ᠋ 3 ᠰᠠᠷ᠎ᠠ ᠳ᠋ᠤ᠌ ᠠᠩᠬᠠᠳᠤᠭᠠᠷ ᠬᠡᠪ ᠢ᠋ ᠬᠢᠪᠡ
1993 ᠣᠨ ᠤ᠋ 4 ᠰᠠᠷ᠎ᠠ ᠳ᠋ᠤ᠌ ᠭᠤᠷᠪᠠᠳᠤᠭᠠᠷ ᠤᠳᠠᠭ᠎ᠠ ᠬᠡᠪᠯᠡᠪᠡ᠃
ᠦᠨ᠎ᠡ᠄1.40 ᠲᠥᠭᠥᠷᠢᠭ
ᠦᠰᠦᠭ ᠠᠮᠢᠯᠠᠭᠤᠯᠤᠭᠴᠢ᠄ ᠣᠳᠣᠨᠬᠤᠸᠠᠷ
ᠦᠰᠦᠭ ᠬᠢᠨᠠᠭᠴᠢ᠄ ᠣᠤᠠᠬᠠᠨᠰᠤ᠎ᠠ᠂ ᠪᠦᠷᠢᠨᠴᠡᠴᠡᠭ᠂ ᠨᠠᠷᠨᠨᠰᠣᠶᠣᠯ
2023.7.23
