ᠥᠷᠯᠦᠭᠡᠨ ᠤ ᠵᠢᠷᠤᠭ - ᠷ ᠂ ᠴᠣᠢᠨᠣᠮ Өглөөний зураг – Р ᠂ Чойном
ᠥᠷᠯᠦᠭᠡᠨ ᠤ ᠵᠢᠷᠤᠭ
ᠲᠡᠪᠡᠨᠡ ᠶ᠋ᠢᠨ ᠰᠦᠪᠡ ᠰᠢᠭ ᠪᠢᠴᠢᠬᠠᠨ ᠵᠤᠯᠠ
ᠲᠠᠩᠭᠢᠰ ᠰᠢᠭ᠋ ᠲᠡᠭᠷᠢ ᠶ᠋ᠢ ᠳᠡᠯᠪᠡᠢᠲᠡᠯᠡ ᠡᠷᠭᠦᠪᠡ᠂
ᠵᠡᠭᠦᠦ ᠶ᠋ᠢᠨ ᠦᠵᠦᠭᠦᠷ ᠰᠢᠭ ᠡᠦᠲᠦᠨ ᠰᠦᠷᠦᠭ
ᠵᠡᠭᠦᠨ ᠬᠣᠢᠨ᠎ᠠ ᠠ᠋ᠴᠠ ᠰᠢᠭᠤᠭᠳᠠᠨ ᠪᠡᠯᠴᠢᠪᠡ᠃
ᠤᠷᠢᠳᠤ ᠰᠥᠨᠢ ᠶ᠋ᠢᠨ ᠰᠡᠭᠦᠯᠴᠢ ᠶ᠋ᠢᠨ ᠬᠠᠷᠠᠩᠭᠤᠢ ᠶ᠋ᠢ
ᠠᠭᠤᠯᠠ ᠲᠤᠯᠤᠭᠠᠳ ᠰᠢᠯᠭᠡᠭᠡᠬᠦ ᠰᠢᠭ ᠥᠨᠳᠡᠢᠪᠡ
ᠤᠰᠤ ᠨᠤᠲᠤᠭ ᠵᠡᠭᠦᠳᠦᠨ ᠦ᠌ ᠰᠣᠨᠢᠨ ᠢ᠋
ᠤᠷᠭᠤᠭ᠎ᠠ ᠮᠣᠳᠣ ᠰᠢᠪᠡᠨᠡᠬᠦ ᠰᠢᠭ ᠲᠣᠳᠣᠷᠠᠪᠠ᠃
ᠠᠯᠠᠭ ᠨᠢᠳᠦᠨ ᠴᠠᠪᠴᠢᠨ ᠴᠠᠪᠴᠢᠬᠤᠶᠠ
ᠠᠯᠤᠰ ᠤ᠋ᠨ ᠪᠠᠷ᠎ᠠ ᠨᠡᠮᠡᠨ ᠨᠡᠮᠡᠪᠡ᠂
ᠠᠯᠤᠰ ᠤ᠋ᠨ ᠪᠠᠷ᠎ᠠ ᠨᠡᠮᠡᠨ ᠨᠡᠮᠡᠬᠦᠶᠡ
ᠠᠢᠯ ᠮᠠᠯ ᠲᠣᠳᠣᠷᠠᠨ ᠲᠣᠳᠣᠷᠠᠪᠠ᠃
ᠬᠥᠬᠡ ᠢᠮᠠᠭ᠎ᠠ ᠰᠢᠭ᠋ ᠪᠢᠴᠢᠬᠠᠨ ᠭᠡᠷ ᠡᠴᠡ
ᠬᠥᠨᠳᠡᠢ ᠳᠦᠭᠦᠷᠡᠩ ᠤᠲᠤᠭ᠎ᠠ ᠰᠡᠪᠰᠡᠪᠡ᠂
ᠴᠢᠭᠢᠭ ᠲᠡᠢ ᠠᠷᠭᠠᠯ ᠨᠢ ᠠᠰᠠᠵᠤ ᠥᠭᠬᠦ ᠦᠭᠡᠢ
ᠴᠢᠬᠢ ᠪᠡᠨ ᠱᠤᠤᠭᠢᠲᠠᠯᠠ ᠦᠯᠢᠶᠡᠨ ᠠᠰᠠᠭᠠᠪᠠ᠃
※ ᠢᠷᠡᠯᠲᠡ᠄
《 ᠷ · ᠴᠣᠶ᠋ᠢᠨᠣᠮ ᠦ᠋ᠨ ᠰᠢᠯᠦᠭ ᠵᠣᠬᠢᠶᠠᠯ ᠬᠤᠷᠢᠶᠠᠬᠤᠢ — 》
— ᠤᠶᠠᠩᠬ᠋᠎ᠠ ᠶ᠋ᠢᠨ ᠰᠢᠯᠦᠭ ᠡᠴᠡ ᠬᠠᠭᠤᠯᠪᠠ ᠃
ᠪᠢ · ᠳᠠᠮᠳᠢᠨᠰᠦ᠋ᠷᠦᠩ ᠡᠮᠬᠢᠤᠠᠬᠡᠨ ᠨᠠᠶ᠋ᠢᠷᠠᠭᠤᠯᠪᠠ
ᠬᠠᠷᠢᠭᠤᠴᠠᠭᠰᠠᠨ ᠨᠠᠶ᠋ᠢᠷᠠᠭᠤᠯᠤᠭᠴᠢ ᠄ ᠪᠣᠷᠤᠨᠤᠳ ᠳᠣᠷᠵᠢ
ᠦᠰᠦᠭ ᠠᠮᠢᠯᠠᠭᠤᠯᠤᠭᠴᠢ᠄ ᠦᠯᠵᠡᠢᠪᠠᠭᠠᠲᠤᠷ
ᠬᠢᠨᠠᠭᠰᠠᠨ ᠨᠢ᠄ ᠭᠠᠷᠮ᠎ᠠ᠂ ᠣᠳᠬᠠᠨᠰᠣ᠎ᠠ
