ᠴᠢᠰᠦ - ᠷ ᠂ ᠴᠣᠢᠨᠣᠮ Цус – Р ᠂ Чойном
ᠴᠢᠰᠦ
ᠭᠠᠪ ᠭᠠᠭᠴᠠᠭᠠᠷ ᠢ᠋ᠶ᠋ᠠᠨ ᠪᠢ ᠬᠤᠨᠳᠠᠭᠠᠨ ᠳ᠋ᠠᠬᠢ
ᠭᠠᠯ ᠲᠠᠢ ᠳᠠᠷᠠᠰᠤ ᠶ᠋ᠢ ᠲᠣᠩᠭᠣᠢᠯᠭᠠᠪᠠ
ᠭᠠᠨᠢᠬᠠᠷᠠᠭᠰᠠᠨ ᠰᠡᠳᠬᠢᠯ ᠢ᠋ᠶ᠋ᠡᠷ ᠲᠦᠯᠡᠬᠦ ᠭᠡᠵᠦ ᠪᠢ
ᠭᠠᠯᠵᠠᠭᠤ ᠣᠬᠢ ᠶ᠋ᠢ ᠨᠢ ᠵᠠᠯᠭᠢᠯᠠᠪᠠ ᠃
ᠰᠢᠯᠦᠨ ᠬᠤᠨᠳᠠᠭᠠᠨ ᠤ᠋ ᠠᠮᠠᠰᠠᠷ ᠪᠢᠯᠬᠠᠵᠤ
ᠰᠢᠮ᠎ᠡ ᠶ᠋ᠢᠨ ᠳᠠᠷᠠᠰᠤ ᠪᠢᠰᠢ ᠮᠢᠨᠦ ᠴᠢᠰᠤ ᠪᠠᠢᠪᠠ᠂
ᠰᠢᠩᠭᠡᠨ ᠲᠤᠩᠭᠠᠯᠠᠭ ᠡᠨᠡ ᠵᠠᠯᠠᠭᠤ ᠴᠢᠰᠤ ᠪᠠᠨ
ᠰᠢᠮᠡᠨ ᠤᠤᠭᠤᠭᠠᠳ ᠬᠥᠯᠴᠥᠭᠦᠷᠬᠡᠵᠦ ᠰᠠᠭᠤᠨᠠᠮ ᠃
ᠬᠠᠯᠠᠭᠤᠨ ᠴᠢᠰᠤ ᠮᠢᠨᠢ ᠳᠥᠴᠢᠨ ᠳᠣᠯᠣᠭᠠᠨ
ᠭᠷᠠᠳᠦ᠋ᠰ ᠬᠠᠭᠠᠰ ᠯᠢᠲ᠋ᠷ ᠨᠢ ᠭᠤᠴᠢᠨ ᠲᠥᠭᠥᠷᠢᠭ
ᠬᠠᠯᠠᠭᠠᠰᠤ ᠪᠠᠨ ᠲᠡᠮᠲᠡᠷᠢᠵᠦ ᠴᠢᠰᠤ ᠪᠠᠨ ᠬᠤᠳᠠᠯᠳᠤᠵᠤ ᠠᠪᠤᠭᠠᠳ
ᠬᠠᠨᠢ ᠨᠥᠬᠥᠳ ᠢ᠋ᠶ᠋ᠡᠷ᠂ ᠳᠠᠢᠰᠤᠨ ᠢ᠋ᠶ᠋ᠠᠨ ᠳᠠᠢᠯᠠᠨᠠᠮ ᠪᠢ ᠂
ᠡᠷᠡᠭᠦᠯ ᠡᠩᠬᠡ ᠶ᠋ᠢᠨ ᠴᠢᠨᠢ ᠲᠥᠯᠥᠭᠡ
ᠢᠷᠡᠭᠡᠳᠦᠢ ᠶ᠋ᠢᠨ ᠴᠢᠨᠢ ᠲᠥᠯᠥᠭᠡ
ᠡᠨᠡ ᠴᠢᠰᠤ ᠪᠠᠨ ᠡᠷᠭᠦᠶ᠎ᠡ !ᠭᠡᠬᠦ ᠦᠭᠡᠢ
ᠠᠭᠢᠨ ᠳᠦᠭᠦᠷᠭᠡᠵᠦ ᠂ ᠳᠠᠬᠢᠨ ᠵᠠᠯᠭᠢᠯᠠᠪᠠ ᠂
ᠳᠠᠷᠠᠭ᠎ᠠ ᠪᠠᠷ ᠭᠤᠷᠪᠠ ᠬᠥᠨᠲᠥᠷᠪᠡ
ᠳᠠᠷᠠᠰᠤ ᠪᠠᠨ ᠡᠷᠭᠦᠶ᠎ᠡ ᠭᠡᠳᠡᠭ ᠤᠴᠢᠷ ᠪᠣᠯ
ᠳᠠᠷᠤᠤᠬᠠᠨ ᠴᠡᠪᠡᠷ ᠪᠠᠢᠬᠤ ᠶ᠋ᠢᠨ ᠶᠣᠰᠣᠨ ᠪᠤᠶᠤ
ᠳᠡᠯᠡᠬᠡᠢ ᠳ᠋ᠦ᠍ ᠬᠡᠷᠪᠡ ᠤᠰᠤ ᠪᠠᠢᠳᠠᠭ ᠦᠭᠡᠢ ᠰᠠᠨ ᠪᠣᠯ᠂
ᠡᠨᠡ ᠪᠡᠶ᠎ᠡ ᠳ᠋ᠦ᠍ ᠮᠢᠨᠢ ᠴᠢᠰᠤ ᠪᠠᠢᠬᠤ ᠦᠭᠡᠢ ᠰᠠᠨ
ᠢᠰᠬᠦᠯᠡᠩ ᠤᠮᠳᠠᠭᠠᠨ ᠳ᠋ᠤ᠌ ᠪᠢᠳᠡ ᠰᠣᠭᠲᠣᠬᠤ ᠦᠭᠡᠢ ᠰᠠᠨ
ᠰᠣᠭᠲᠣᠭᠤᠷᠠᠯ ᠦᠭᠡᠢ ᠰᠠᠨ ᠪᠣᠯ ᠵᠢᠷᠭᠠᠯ ᠵᠣᠪᠠᠯᠠᠩ
ᠰᠣᠨᠢᠷᠬᠠᠯ ᠳᠤᠷᠠᠯᠠᠯ ᠴᠥᠮ ᠪᠠᠢᠬᠤ ᠦᠭᠡᠢ ᠰᠠᠨ᠃
ᠬᠦᠰᠡᠯ ᠬᠢᠰᠠᠯ ᠬᠣᠶᠠᠷ ᠤ᠋ᠨ
ᠵᠥᠷᠢᠶ᠎ᠡ ᠶᠡᠬᠡ ᠪᠤᠶᠤ
ᠬᠥᠮᠦᠨ ᠠᠳᠤᠭᠤᠰᠤ ᠬᠣᠶᠠᠷ ᠤ᠋ᠨ
ᠢᠯᠭᠠᠭ᠎ᠠ ᠪᠠᠭ᠎ᠠ ᠪᠤᠶᠤ
ᠵᠠᠭᠤ ᠵᠠᠭᠤᠨ ᠵᠢᠯ ᠳ᠋ᠦ᠍ ᠡᠪᠦᠭᠡᠳ ᠦ᠋ᠨ ᠴᠢᠰᠤ ᠶ᠋ᠢ
ᠵᠠᠭᠤᠷ᠎ᠠ ᠵᠠᠭᠤᠷᠠᠬᠠᠨ ᠰᠠᠬᠠᠷᠠᠭᠤᠯᠤᠩᠬᠠᠨ ᠪᠠᠢᠵᠤ ᠠᠪᠤᠭᠰᠠᠨ
ᠵᠤᠷᠪᠤᠰᠬᠠᠨ ᠭᠠᠵᠠᠷ ᠳᠡᠭᠡᠷ᠎ᠡ ᠪᠡᠨ ᠪᠢᠳᠡ
ᠵᠤᠨ ᠤ᠋ ᠭᠤᠷᠪᠠᠨ ᠰᠠᠷ᠎ᠠ ᠳ᠋ᠤ᠌ ᠤᠯᠠᠭᠠᠨ ᠪᠤᠭᠤᠳᠠᠢ ᠲᠠᠷᠢᠨᠠᠮ᠃
ᠤᠷᠤᠰᠬᠤ ᠴᠢᠰᠤ ᠲᠣᠭᠠᠴᠢᠬᠤ ᠨᠠᠰᠤ ᠪᠠᠨ ᠬᠣᠷᠣᠭᠠᠵᠤ
ᠤᠯᠠᠭᠠᠨ ᠴᠢᠰᠤ ᠪᠣᠯᠤᠭᠰᠠᠨ
ᠤᠯᠠᠭᠠᠨ ᠪᠤᠭᠤᠳᠠᠢ ᠪᠠᠨ ᠲᠠᠷᠢᠶᠠᠯᠠᠵᠤ
ᠤᠷᠭᠤᠴᠠ ᠪᠠᠷ ᠨᠢ ᠪᠢᠳᠡ ᠬᠠᠲᠠᠭᠤ ᠳᠠᠷᠠᠰᠤ ᠨᠡᠷᠡᠯᠡ᠃
ᠴᠢᠩ ᠦᠨᠡᠨ ᠢ᠋ ᠨᠢ ᠬᠡᠯᠡᠬᠦ ᠪᠡᠷ
ᠴᠢᠬᠢᠨ ᠳ᠋ᠦ᠍ ᠡᠪ ᠦᠭᠡᠢ ᠪᠠᠢᠳᠠᠭ ᠶᠤᠮ᠂ ᠭᠡᠪᠡᠴᠦ ᠶᠠᠭᠠᠬᠢᠬᠤ ᠪᠣᠢ
ᠴᠢᠰᠤ ᠪᠠᠨ ᠤᠤᠭᠤᠵᠤ ᠪᠠᠢᠨ᠎ᠠ᠂ ᠲᠠ ᠴᠤ᠌ ᠤᠤᠭᠤᠵᠤ ᠪᠠᠢᠨ᠎ᠠ᠂
ᠴᠢᠰᠤᠨ ᠳ᠋ᠠᠭᠠᠨ ᠬᠤᠨᠳᠠᠭ᠎ᠠ ᠲᠤᠯᠭᠠᠵᠤ ᠤᠤᠭᠤᠭᠠᠳ ᠰᠣᠭᠲᠣᠶᠠ ᠪᠢ᠃
※ ᠢᠷᠡᠯᠲᠡ᠄
《 ᠷ · ᠴᠣᠶ᠋ᠢᠨᠣᠮ ᠦ᠋ᠨ ᠰᠢᠯᠦᠭ ᠵᠣᠬᠢᠶᠠᠯ ᠬᠤᠷᠢᠶᠠᠬᠤᠢ — 》
— ᠤᠶᠠᠩᠬ᠋᠎ᠠ ᠶ᠋ᠢᠨ ᠰᠢᠯᠦᠭ ᠡᠴᠡ ᠬᠠᠭᠤᠯᠪᠠ ᠃
ᠪᠢ · ᠳᠠᠮᠳᠢᠨᠰᠦ᠋ᠷᠦᠩ ᠡᠮᠬᠢᠤᠠᠬᠡᠨ ᠨᠠᠶ᠋ᠢᠷᠠᠭᠤᠯᠪᠠ
ᠬᠠᠷᠢᠭᠤᠴᠠᠭᠰᠠᠨ ᠨᠠᠶ᠋ᠢᠷᠠᠭᠤᠯᠤᠭᠴᠢ ᠄ ᠪᠣᠷᠤᠨᠤᠳ ᠳᠣᠷᠵᠢ
ᠦᠰᠦᠭ ᠠᠮᠢᠯᠠᠭᠤᠯᠤᠭᠴᠢ᠄ ᠲᠦᠮᠡᠨᠴᠡᠴᠡᠭ
ᠬᠢᠨᠠᠭᠴᠢ᠄ ᠰᠡᠬᠡᠭᠡᠷᠡᠯ
