ᠲᠦᠮᠡᠨ ᠦ᠌ ᠡᠬᠡ ᠢᠲᠡᠭᠡᠯᠲᠦ ᠪᠣᠷᠣ- ᠯ· ᠪᠣᠯᠣᠳᠪᠠᠭᠠᠲᠤᠷTumnii eh itgelt bor Л.Болдбаатар - Түмний эх итгэлт бор
ᠲᠦᠮᠡᠨ ᠦ᠌ ᠡᠬᠡ ᠢᠲᠡᠭᠡᠯᠲᠦ ᠪᠣᠷᠣ
ᠦᠭᠡ᠄ ᠨ· ᠪᠠᠶᠠᠨᠮᠥ᠋ᠩᠬᠡ
ᠠᠶ᠎ᠠ᠄ ᠱ· ᠥᠯᠵᠡᠢᠪᠠᠶᠠᠷ
ᠯ· ᠪᠣᠯᠣᠳᠪᠠᠭᠠᠲᠤᠷ ᠳᠠᠭᠤᠯᠠᠨ᠎ᠠ
ᠠᠭᠤᠯᠠᠰ ᠠᠭᠤᠯᠠᠰ ᠤ᠋ᠨ ᠨᠣᠶᠠᠷᠬᠠᠭ ᠣᠷᠭᠢᠯ ᠣᠳᠬᠤᠨᠲ᠋ᠡᠭᠷᠢ ᠪᠡᠨ ᠥᠨᠳᠡᠯᠵᠡᠭᠦᠯᠵᠦ
ᠤᠯᠤᠰ ᠤ᠋ᠨ ᠨᠠᠭᠠᠳᠤᠮ ᠤ᠋ᠨ ᠵᠢᠷᠤᠬᠠᠢ ᠳ᠋ᠤ᠌ ᠪᠠᠨ ᠠᠯᠲᠠᠨ ᠵᠢᠯᠣᠭᠣ ᠪᠠᠨ ᠡᠷᠭᠦᠭᠦᠯᠦᠭᠰᠡᠡ
ᠲᠥᠷᠥᠭᠰᠡᠨ ᠭᠠᠯᠪᠢᠷ ᠨᠢ ᠵᠦᠢᠷᠯᠡᠰᠢ ᠦᠭᠡᠢ ᠬᠤᠷᠳᠤᠨ ᠪᠣᠷᠣ ᠶ᠋ᠢᠨ ᠳᠠᠪᠬᠢᠯ ᠨᠢ
ᠲᠡᠭᠦᠯᠳᠡᠷ ᠮᠣᠩᠭᠣᠯ ᠨᠠᠭᠠᠳᠤᠮ ᠳ᠋ᠤ᠌ ᠪᠠᠨ ᠲᠦᠷᠡᠯᠭᠡ ᠨᠡᠮᠡᠭᠡᠳ ᠰᠡᠷᠭᠦᠭᠡᠨᠡᠮ ᠵᠧ
ᠮᠣᠷᠢᠨ ᠡᠷᠳᠡᠨᠢ ᠮᠣᠯᠣᠷ ᠤ᠋ᠨ ᠰᠢᠲᠦᠭᠡᠨ ᠲᠦᠷᠦᠭᠦᠦ ᠮᠠᠩᠨᠠᠢ ᠲᠦᠮᠡᠨ ᠦ᠌ ᠡᠬᠡ
ᠢᠷ ᠲᠡᠢ ᠬᠤᠷᠳᠤᠨ ᠢᠲᠡᠭᠡᠯᠲᠦ ᠪᠣᠷᠣ ᠮᠢᠨᠢ ᠳᠧ
ᠸᠴᠢᠷᠪᠠᠨᠢ ᠶ᠋ᠢᠨ ᠶᠡᠬᠡ ᠰᠢᠲᠦᠭᠡᠨ ᠲᠡᠢ ᠣᠳᠬᠣᠨᠲ᠋ᠡᠭᠷᠢ ᠶ᠋ᠢᠨ ᠲᠣᠳᠤᠮᠠᠩᠯᠠᠢ ᠳ᠋ᠤ᠌ ᠪᠠᠨ
ᠤᠨᠤᠵᠤ ᠵᠠᠶᠠᠭᠠᠭᠰᠠᠨ ᠠᠵᠢᠨᠠᠢ ᠬᠦᠯᠦᠭ ᠠ᠋
ᠨᠠᠭᠠᠳᠤᠮ ᠤ᠋ᠨ ᠰᠦᠯᠳᠡ ᠳ᠋ᠦ᠍ ᠮᠠᠨᠳᠤᠵᠤ ᠠᠰᠠᠭᠰᠠᠨ ᠣᠩᠭᠣᠳ ᠬᠡᠢᠮᠣᠷᠢ ᠶ᠋ᠢ ᠪᠠᠳᠠᠷᠠᠭᠤᠵᠤ
ᠨᠠᠷᠠᠨ ᠤ᠋ ᠠᠯᠲᠠᠨ ᠰᠠᠴᠤᠷᠠᠭ ᠲᠠᠭᠠᠨ ᠲᠤᠭᠤᠷᠠᠢ ᠶ᠋ᠢᠨ ᠲᠣᠭᠣᠰᠣ ᠪᠠᠨ ᠡᠷᠭᠦᠭᠰᠡᠨ
ᠳᠠᠪᠬᠢᠯ ᠬᠤᠷᠳᠤᠨ ᠬᠠᠨᠢᠴᠠᠰᠢ ᠦᠭᠡᠢ ᠳᠠᠭᠠᠭᠠᠮᠠᠭᠠᠢ ᠪᠣᠷᠣ ᠶ᠋ᠢᠨ ᠬᠤᠷᠳᠤ ᠨᠢ ᠠ᠋
ᠳᠠᠶᠠᠭᠠᠷ ᠮᠣᠩᠭᠣᠯ ᠨᠠᠭᠠᠳᠤᠮᠴᠢᠳ ᠤ᠋ᠨ ᠰᠡᠳᠬᠢᠯ ᠮᠡᠯᠮᠡᠢ ᠶ᠋ᠢ ᠪᠠᠶᠠᠰᠤᠭᠤᠯᠤᠨᠠᠮ ᠵᠧ
ᠮᠣᠷᠢᠨ ᠡᠷᠳᠡᠨᠢ ᠮᠣᠯᠣᠷ ᠤ᠋ᠨ ᠰᠢᠲᠦᠭᠡᠨ ᠲᠦᠷᠦᠭᠦᠦ ᠮᠠᠩᠨᠠᠢ ᠲᠦᠮᠡᠨ ᠦ᠌ ᠡᠬᠡ
ᠢᠷ ᠲᠡᠢ ᠬᠤᠷᠳᠤᠨ ᠢᠲᠡᠭᠡᠯᠲᠦ ᠪᠣᠷᠣ ᠮᠢᠨᠢ ᠳᠧ
ᠸᠴᠢᠷᠪᠠᠨᠢ ᠶ᠋ᠢᠨ ᠶᠡᠬᠡ ᠰᠢᠲᠦᠭᠡᠨ ᠣᠳᠬᠣᠨᠲ᠋ᠡᠭᠷᠢ ᠶ᠋ᠢᠨ ᠲᠣᠳᠤᠮᠠᠩᠯᠠᠢ ᠳ᠋ᠤ᠌ ᠪᠠᠨ
ᠤᠨᠤᠵᠤ ᠵᠠᠶᠠᠭᠠᠭᠰᠠᠨ ᠠᠵᠢᠨᠠᠢ ᠬᠦᠯᠦᠭ ᠠ᠋
ᠲᠥᠷᠥ ᠶ᠋ᠢᠨ ᠵᠠᠷᠯᠢᠬᠲᠦ ᠨᠠᠭᠠᠳᠤᠮ ᠪᠦᠬᠦᠨ ᠢ᠋ᠶ᠋ᠡᠷ ᠴᠡᠩᠭᠡᠯ ᠪᠠᠶᠠᠷ ᠢ᠋ ᠪᠢᠯᠬᠠᠭᠤᠯᠵᠤ
ᠲᠡᠨᠢᠭᠦᠨ ᠳᠡᠯᠭᠡᠷ ᠮᠠᠩᠨᠠᠢ ᠳ᠋ᠤ᠌ ᠪᠠᠨ ᠡᠷᠳᠡᠨᠢ ᠶ᠋ᠢᠨ ᠬᠠᠳᠠᠭ ᠢ᠋ ᠡᠷᠭᠦᠭᠦᠯᠦᠭᠰᠡᠡ
ᠬᠠᠷᠠᠭᠠᠳ ᠬᠠᠷᠠᠭᠠᠳ ᠬᠠᠨᠤᠰᠢ ᠦᠭᠡᠢ ᠠᠪᠤᠷᠭᠤ ᠪᠣᠷᠣ ᠶ᠋ᠢᠨ ᠰᠠᠢᠬᠠᠨ ᠢ᠋
ᠬᠠᠮᠤᠭ ᠮᠣᠩᠭᠣᠯ ᠨᠠᠭᠠᠳᠤᠮᠴᠢᠳ ᠬᠠᠷᠠᠵᠤ ᠰᠣᠨᠣᠰᠴᠤ ᠱᠠᠭᠰᠢᠯᠳᠤᠨᠠᠮ ᠵᠧ
ᠮᠣᠷᠢᠨ ᠡᠷᠳᠡᠨᠢ ᠮᠣᠯᠣᠷ ᠤ᠋ᠨ ᠰᠢᠲᠦᠭᠡᠨ ᠲᠦᠷᠦᠭᠦᠦ ᠮᠠᠩᠨᠠᠢ ᠲᠦᠮᠡᠨ ᠦ᠌ ᠡᠬᠡ
ᠢᠷ ᠲᠡᠢ ᠬᠤᠷᠳᠤᠨ ᠢᠲᠡᠭᠡᠯᠲᠦ ᠪᠣᠷᠣ ᠮᠢᠨᠢ ᠳᠧ
ᠸᠴᠢᠷᠪᠠᠨᠢ ᠶ᠋ᠢᠨ ᠶᠡᠬᠡ ᠰᠢᠲᠦᠭᠡᠨ ᠲᠡᠢ ᠣᠳᠬᠤᠨᠲ᠋ᠡᠭᠷᠢ ᠶ᠋ᠢᠨ ᠲᠣᠳᠤᠮᠠᠩᠯᠠᠢ ᠳ᠋ᠤ᠌ ᠪᠠᠨ
ᠤᠨᠤᠵᠤ ᠵᠠᠶᠠᠭᠠᠭᠰᠠᠨ ᠠᠵᠢᠨᠠᠢ ᠬᠦᠯᠦᠭ ᠠ᠋
ᠮᠣᠷᠢᠨ ᠡᠷᠳᠡᠨᠢ ᠮᠣᠯᠣᠷ ᠤ᠋ᠨ ᠰᠢᠲᠦᠭᠡᠨ ᠲᠦᠷᠦᠭᠦᠦ ᠮᠠᠩᠨᠠᠢ ᠲᠦᠮᠡᠨ ᠦ᠌ ᠡᠬᠡ
ᠢᠷ ᠲᠡᠢ ᠬᠤᠷᠳᠤᠨ ᠢᠲᠡᠭᠡᠯᠲᠦ ᠪᠣᠷᠣ ᠮᠢᠨᠢ ᠳᠧ
ᠸᠴᠢᠷᠪᠠᠨᠢ ᠶ᠋ᠢᠨ ᠶᠡᠬᠡ ᠰᠢᠲᠦᠭᠡᠨ ᠲᠡᠢ ᠣᠳᠬᠤᠨᠲ᠋ᠡᠭᠷᠢ ᠶ᠋ᠢᠨ ᠲᠣᠳᠤᠮᠠᠩᠯᠠᠢ ᠳ᠋ᠤ᠌ ᠪᠠᠨ
ᠤᠨᠤᠵᠤ ᠵᠠᠶᠠᠭᠠᠭᠰᠠᠨ ᠠᠵᠢᠨᠠᠢ ᠬᠦᠯᠦᠭ ᠠ᠋
ᠦᠰᠦᠭ ᠠᠮᠢᠯᠠᠭᠤᠯᠤᠭᠰᠠᠨ᠄ ᠳ᠋ᠠᠰᠢᠨᠢᠮ᠎ᠠ
ᠦᠰᠦᠭ ᠬᠠᠲᠠᠭᠰᠠᠨ᠄ ᠳ᠋ᠠᠰᠢᠨᠢᠮ᠎ᠠ
ᠬᠢᠨᠠᠭᠴᠢ᠄ ᠰᠡᠷᠭᠦᠯᠡᠩ ᠣᠳᠬᠤᠨᠴᠡᠴᠡᠭ
