ᠲᠩᠷᠢ ᠡᠵᠢ ᠮᠢᠨᠢ ᠥᠷᠥᠰᠢᠶᠡТэнгэр ээж минь өршөө ᠬᠡᠦᠬᠡᠳ ᠦ᠋ᠨ ᠳᠠᠭᠤᠤ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠲᠩᠷᠢ ᠡᠵᠢ ᠮᠢᠨᠢ ᠥᠷᠥᠰᠢᠶᠡТэнгэр ээж минь өршөө

ᠲᠩᠷᠢ ᠡᠵᠢ ᠮᠢᠨᠢ ᠥᠷᠥᠰᠢᠶᠡТэнгэр ээж минь өршөө

2023-07-24

965

ᠲᠩᠷᠢ ᠡᠵᠢ ᠮᠢᠨᠢ ᠥᠷᠥᠰᠢᠶᠡ

   ᠦᠭᠡ᠄ᠴᠢᠮᠡᠤᠡᠽᠢᠶ᠎ᠠ 
   ᠠᠶ᠎ᠠ᠄ ᠱ ᠪᠠᠳᠤᠰᠠᠡᠢᠬᠠᠡ 
   ᠳᠠᠭᠤᠴᠢᠨ᠄ᠥᠷᠯᠥᠭ ᠴᠢᠮᠪᠠᠢ 
   ᠠᠯᠢᠶ᠎ᠠ᠂ ᠢᠯᠴᠢ᠂ ᠬᠠᠢᠷᠬᠠᠡ 

ᠲᠡᠭᠡᠭᠡᠵᠦ ᠲᠥᠷᠥᠭᠦᠯᠦᠭᠰᠡᠨ ᠠᠴᠢ ᠶ᠋ᠢ ᠨᠢ 
ᠲᠡᠳᠬᠦᠵᠦ ᠬᠠᠷᠢᠭᠤᠯᠠᠬᠤ ᠵᠠᠪ ᠦᠭᠡᠢ ᠶᠠᠪᠤᠭ᠎ᠠ 
ᠲᠡᠨᠡᠭᠬᠡᠨ ᠬᠦᠦ ᠨᠠᠮ᠎ᠠ ᠶ᠋ᠢ ᠪᠡᠨ 
ᠲᠩᠷᠢ ᠡᠵᠢ ᠮᠢᠨᠢ ᠥᠷᠥᠰᠢᠶᠡ ᠥᠷᠥᠰᠢᠶᠡ 
ᠳᠠᠭᠤᠯᠠᠮ᠎ᠠ ᠳ᠋ᠤ᠌ ᠭᠠᠭᠴᠠᠬᠠᠨ ᠡᠵᠢ ᠮᠢᠨᠢ 
ᠳᠠᠭᠤᠴᠢᠨ ᠬᠦᠦ ᠪᠡᠨ ᠥᠷᠥᠰᠢᠶᠡ 
ᠲᠩᠷᠢ ᠡᠵᠢ ᠮᠢᠨᠢ ᠥᠷᠥᠰᠢᠶᠡᠭᠡᠷᠡᠢ 

ᠴᠢᠷᠠᠢ ᠴᠢᠨᠢ ᠨᠢᠳᠦᠨ ᠳ᠋ᠦ᠍ ᠦᠵᠡᠭᠳᠡᠭᠡᠳ 
ᠰᠠᠨᠠᠭ᠎ᠠ ᠴᠢᠨᠢ ᠪᠡᠶ᠎ᠡ ᠪᠡᠷ ᠯᠤᠭᠰᠢᠭᠠᠳ ᠪᠠᠢᠨ᠎ᠠ 
ᠡᠮᠡᠭᠡᠨ ᠪᠣᠯᠤᠭᠰᠠᠨ ᠲᠠᠨ ᠢ᠋ ᠪᠡᠨ ᠠᠢ ᠳᠠ᠂
ᠮᠥᠨ ᠴᠦ᠍ ᠶᠡᠬᠡ ᠰᠠᠨᠠᠬᠤ ᠯᠠ ᠶᠤᠮ ᠳᠠ᠂
ᠠᠯᠠᠭ ᠨᠢᠳᠦᠨ ᠦ᠌ ᠮᠢᠨᠢ ᠨᠢᠯᠪᠤᠰᠤ 
ᠠᠶᠠᠭ᠎ᠠ ᠪᠠᠷ ᠪᠥᠮᠪᠥᠷᠢᠯ᠎ᠡ ᠠᠢ ᠳᠠ᠂
ᠮᠥᠨ ᠴᠦ᠍ ᠶᠡᠬᠡ ᠰᠠᠨᠠᠬᠤ ᠯᠠ ᠶᠤᠮ ᠳᠠ᠂

ᠰᠢᠭᠦᠳᠡᠷᠢ ᠶ᠋ᠢᠨ ᠮᠥᠩᠭᠥᠨ ᠦ᠌ ᠳᠤᠰᠤᠯ ᠤ᠋ᠨ ᠣᠷᠣᠨ ᠳ᠋ᠤ᠌
ᠰᠤᠪᠤᠳ ᠤ᠋ᠨ ᠮᠢᠩᠭᠠᠨ ᠳᠠᠭᠤᠤ ᠶ᠋ᠢ ᠬᠡᠯᠬᠢᠭᠡᠳ ᠂
ᠠᠭᠠᠭ ᠲᠠᠢ ᠰᠢᠷᠭᠠᠯ ᠴᠠᠢ ᠶ᠋ᠢᠨ ᠣᠷᠣᠨ ᠳ᠋ᠤ᠌
ᠠᠮᠢᠯᠠᠭᠤᠯᠵᠤ ᠳᠠᠭᠤᠯᠠᠭᠰᠠᠨ ᠳᠠᠭᠤᠤ ᠪᠠᠨ ᠥᠭᠬᠦᠶ᠎ᠡ
ᠠᠶᠠᠯᠭᠤ ᠰᠢᠩᠭᠡᠭᠡᠭᠰᠡᠨ ᠳᠠᠭᠤᠤ ᠶ᠋ᠢ ᠮᠢᠨᠢ
ᠠᠴᠢᠲᠤ ᠡᠵᠢ ᠮᠢᠨᠢ ᠤᠤᠭᠤ ᠳᠠ᠂
ᠠᠶᠠᠭᠠᠯᠠᠨ ᠠᠶᠠᠭᠠᠯᠠᠨ ᠤᠤᠭᠤ ᠳᠠ᠂
ᠠᠮᠲᠠᠯᠠᠨ ᠠᠮᠲᠠᠯᠠᠨ ᠤᠤᠭᠤ ᠳᠠ
ᠲᠩᠷᠢ ᠡᠵᠢ ᠮᠢᠨᠢ ᠥᠷᠥᠰᠢᠶᠡᠭᠡᠷᠡᠢ

   ᠦᠰᠦᠭ ᠠᠮᠢᠯᠠᠭᠤᠯᠤᠭᠴᠢ᠄ᠲᠦᠮᠡᠠᠴᠡᠴᠡᠭ
   ᠦᠰᠦᠭ ᠬᠠᠲᠠᠭᠰᠠᠨ᠄ ᠲᠦᠮᠡᠠᠴᠡᠴᠡᠭ
   ᠬᠢᠨᠠᠡᠴᠢ᠄ ᠬᠦᠳᠡᠷᠪᠤᠯᠤᠤᠡ᠂ ᠮᠦᠩᠭᠦᠡᠴᠡᠴᠡᠭ᠂ ᠤᠶᠠᠬᠠᠨ