ᠥᠨᠥᠳᠥᠷ ᠨᠠᠳᠠ ᠬᠢᠬᠦ ᠶᠠᠭᠤᠮ᠎ᠠ ᠠᠯᠠᠭ᠎ᠠ - ᠷ ᠂ ᠴᠣᠢᠨᠣᠮ Өнөөдөр над хийх юм алга – Р ᠂ Чойном
ᠥᠨᠥᠳᠥᠷ ᠨᠠᠳᠠ ᠬᠢᠬᠦ ᠶᠠᠭᠤᠮ᠎ᠠ ᠠᠯᠠᠭ᠎ᠠ
ᠥᠨᠥᠳᠥᠷ ᠨᠠᠳᠠ ᠬᠢᠬᠦ ᠶᠠᠭᠤᠮ᠎ᠠ ᠠᠯᠠᠭ᠎ᠠ
ᠥᠭᠡᠳᠡ ᠤᠷᠤᠭᠤ ᠪᠠᠨ ᠶᠠᠪᠤᠪᠠᠴᠤ ᠭᠠᠵᠠᠷ ᠠᠯᠠᠭ᠎ᠠ
ᠥᠷᠯᠥᠭᠡᠨ ᠡᠴᠡ ᠬᠣᠢᠰᠢ ᠲᠡᠭᠷᠢ ᠠᠶ᠎ᠠ ᠦᠭᠡᠢᠴᠡᠭᠡᠳ
ᠥᠯᠥᠨ ᠴᠠᠰᠤ ᠴᠢᠭᠢᠭ ᠲᠡᠳᠡᠨ ᠬᠠᠶᠠᠯᠠᠪᠠ ᠃
ᠤᠰᠤᠯᠢᠭ ᠡᠭᠦᠯᠡᠰ ᠪᠡᠶ᠎ᠡ ᠬᠦᠨᠳᠦᠷᠡᠨ ᠳᠣᠭᠣᠭᠰᠢᠯᠠᠭᠠᠳ
ᠠᠭᠤᠯᠠ ᠲᠠᠯ᠎ᠠ ᠬᠠᠷ᠎ᠠ ᠪᠠᠷᠠᠭᠠᠨ ᠪᠣᠯᠤᠭᠠᠳ
ᠵᠢᠷᠦᠬᠡ ᠬᠦᠷᠦᠮ᠎ᠡ ᠬᠦᠢᠲᠡᠨ ᠰᠠᠯᠬᠢ
ᠵᠡᠭᠦᠨ ᠠᠭᠤᠯᠠ ᠶ᠋ᠢᠨ ᠳᠡᠭᠡᠭᠦᠷ ᠦᠯᠢᠶᠡᠵᠦ ᠪᠠᠢᠨᠠᠮ᠃
ᠶᠠᠨᠲᠤᠩ ᠤ᠋ᠨ ᠠᠮᠠᠨ ᠠ᠋ᠴᠠ ᠤᠲᠤᠭ᠎ᠠ ᠲᠠᠰᠤᠷᠠᠨ ᠤᠨᠠᠵᠤ
ᠶᠠᠪᠠᠭᠠᠨ ᠬᠠᠭᠠᠯᠭ᠎ᠠ ᠤᠬᠢᠯᠠᠨ ᠴᠢᠬᠠᠷᠠᠨ ᠰᠠᠪᠠᠵᠤ
ᠥᠨᠳᠥᠷ ᠱᠣᠩ ᠤ᠋ᠨ ᠭᠡᠷᠡᠯ ᠦ᠋ᠨ ᠭᠤᠷᠪᠠᠨ ᠤᠲᠠᠰᠤ
ᠥᠨᠥᠴᠢᠨ ᠭᠤᠷᠪᠠᠨ ᠬᠡᠦᠬᠡᠳ ᠰᠢᠭ ᠭᠠᠰᠠᠯᠤᠨ ᠭᠢᠩᠰᠢᠵᠦ ᠪᠠᠢᠨ᠎ᠠ ᠃
ᠨᠤᠲᠤᠭ ᠤ᠋ᠨ ᠬᠢᠨ ᠦ᠌ ᠪᠠᠢᠰᠢᠩ ᠬᠠᠰᠢᠶ᠎ᠠ ᠫᠧᠩ ᠦ᠋ᠳ
ᠨᠢᠷᠤᠭᠤ ᠦᠭᠡᠢ ᠮᠣᠷᠢ ᠰᠢᠭ᠋ ᠰᠠᠷᠠᠪᠴᠢ ᠣᠨᠢ ᠨᠢ ᠤᠨᠵᠢᠢᠵᠤ ᠴᠡᠴᠡᠷᠡᠭᠡᠳ
ᠨᠠᠭᠤᠷ ᠤ᠋ᠨ ᠲᠡᠨᠳᠡ ᠴᠢᠳᠥᠷ ᠲᠡᠢ ᠴᠠᠭᠠᠨ ᠮᠣᠷᠢ
ᠨᠢᠯᠪᠤᠰᠤ ᠠᠳᠠᠯᠢ ᠪᠥᠩ ᠪᠦᠩ ᠵᠣᠭᠰᠣᠵᠤ ᠬᠠᠷᠠᠭᠳᠠᠨ᠎ᠠ ᠃
ᠲᠣᠮᠣ ᠵᠢᠵᠢᠭ ᠭᠡᠷ ᠦ᠋ᠨ ᠪᠠᠷᠠᠭᠤᠨ ᠬᠠᠶᠠᠭᠠᠨ ᠳ᠋ᠤ᠌
ᠲᠣᠭᠣᠭ᠎ᠠ ᠨᠣᠬᠠᠢ ᠬᠣᠶᠠᠷ ᠠᠳᠠᠯᠢᠬᠠᠨ ᠳᠤᠭᠤᠢᠷᠠᠵᠤ ᠬᠠᠷᠠᠯᠠᠭᠠᠳ
ᠲᠣᠮᠣᠭ᠎ᠠ ᠰᠠᠭᠤᠭ᠎ᠠ ᠦᠭᠡᠢ ᠬᠡᠦᠬᠡᠳ ᠪᠠᠭᠠᠴᠤᠤᠯ ᠬᠦᠷᠲᠡᠯ᠎ᠡ
ᠲᠣᠭᠯᠠᠬᠤ ᠬᠥᠯ ᠨᠢ ᠬᠣᠷᠢᠭᠳᠠᠵᠤ ᠭᠡᠷ ᠳᠣᠲᠣᠷ᠎ᠠ ᠪᠠᠨ ᠬᠣᠯᠬᠢᠨᠠ ᠃
ᠬᠦᠨᠳᠦ ᠬᠥᠯ ᠲᠡᠢ ᠡᠬᠡᠨᠡᠷ ᠦ᠋ᠳ ᠠᠷᠭᠠᠯ ᠤ᠋ᠨ ᠮᠠᠢ ᠲᠠᠯᠪᠢᠵᠤ
ᠬᠡᠦᠬᠡᠳ ᠲᠡᠢ ᠪᠡᠨ ᠬᠡᠷᠡᠯᠳᠦᠵᠦ ᠠᠮᠠ ᠴᠢᠯᠥᠭᠡ ᠦᠭᠡᠢ ᠶ᠋ᠢᠨ ᠬᠠᠵᠠᠭᠤ ᠳ᠋ᠤ᠌
ᠬᠦᠷᠡᠩ ᠲᠡᠷᠯᠢᠭ ᠳᠠᠪᠬᠤᠷᠯᠠᠭᠰᠠᠨ ᠬᠥᠰᠡᠷ ᠦ᠋ᠨ 《 ᠭᠠᠮᠢᠩ 》 ᠰᠢᠭ᠋ ᠡᠷ᠎ᠡ ᠨᠢ
ᠬᠦᠢᠲᠡᠨ ᠪᠠᠢᠨ᠎ᠠ ᠭᠡᠵᠦ ᠲᠡᠭᠷᠢ ᠶ᠋ᠢ ᠬᠠᠷᠢᠶᠠᠵᠤ ᠳᠠᠪᠴᠢᠳᠠᠨᠠ ᠃
ᠵᠠᠷᠢᠮ ᠠᠢᠯ ᠳ᠋ᠤ᠌ ᠡᠳᠦᠢ ᠳ᠋ᠦ᠍ ᠭᠠᠯ ᠬᠦᠦᠰ ᠨᠢ ᠤᠨᠲᠠᠷᠠᠭᠠᠳ
ᠵᠠᠯᠠᠭᠤ ᠲᠠᠩᠬᠢᠯ ᠡᠬᠡᠨᠡᠷ ᠨᠢ ᠬᠥᠨᠵᠢᠯᠡ ᠳ᠋ᠦ᠍ ᠣᠷᠣᠨ ᠳᠤᠭᠵᠢᠷᠠᠵᠤ
ᠬᠠᠷ᠎ᠠ ᠬᠥᠮᠦᠨ ᠨᠢ 《 ᠺᠣᠨ᠋ᠲ᠋ᠣᠷ》 ᠲᠠᠭᠠᠨ ᠴᠠᠭ ᠨᠥᠭᠴᠢᠭᠡᠵᠦ ᠶᠠᠳᠠᠨ
ᠬᠠᠭᠠᠯᠭᠠᠨ ᠠ᠋ᠴᠠ ᠨᠢᠳᠦ ᠪᠡᠨ ᠰᠠᠯᠭᠠᠯ ᠦᠭᠡᠢ ᠴᠣᠩᠬᠣ ᠪᠠᠷ ᠭᠢᠯᠠᠯᠵᠠᠵᠤ ᠪᠠᠢᠭ᠎ᠠ ᠃
ᠪᠠᠷᠳᠠᠮ ᠶᠣᠭᠲᠠ ᠨᠠᠭᠠᠳᠤᠮ ᠤ᠋ᠨ ᠪᠡᠯᠡᠨ ᠦᠭᠡᠰ ᠬᠠᠶᠠᠯᠴᠠᠵᠤ
ᠪᠠᠰᠠ ᠵᠠᠷᠢᠮ ᠨᠢ ᠡᠳᠦᠢ ᠳ᠋ᠦ᠍ ᠳᠠᠯᠤᠤ ᠪᠠᠯᠪᠠᠵᠤ ᠪᠠᠢᠭ᠎ᠠ
ᠪᠠᠲᠤᠯᠠᠵᠤ ᠲᠦᠭᠵᠢᠭᠰᠡᠨ ᠡᠭᠦᠳᠡ ᠪᠡᠨ ᠬᠡᠦᠬᠡᠳ ᠢ᠋ᠶ᠋ᠡᠷ ᠢ᠋ᠶ᠋ᠡᠷ ᠮᠠᠨᠠᠭᠤᠯᠤᠭᠠᠳ
ᠪᠠᠢᠬᠤ ᠦᠭᠡᠢ ᠭᠡᠵᠦ ᠬᠡᠯᠡ ᠭᠡᠵᠦ ᠮᠥᠩᠭᠥ ᠪᠡᠨ ᠡᠪᠦᠷᠯᠡᠵᠦ ᠰᠠᠭᠤᠭ᠎ᠠ ᠃
ᠬᠥᠳᠡᠭᠡ ᠪᠠᠷᠢᠭᠠᠳᠠ ᠶ᠋ᠢᠨ ᠨᠤᠲᠤᠭ ᠠᠭᠤᠯᠠ ᠶ᠋ᠢᠨ ᠴᠠᠭᠠᠨ᠎ᠠ
ᠬᠥᠭᠡᠷᠦᠬᠦᠢ ᠮᠠᠯᠴᠢᠳ ᠡᠳᠦᠢ ᠳ᠋ᠦ᠍ ᠲᠠᠭᠠᠷᠠᠵᠤ ᠬᠦᠷᠦᠵᠦ ᠶᠠᠪᠤᠭ᠎ᠠ
ᠮᠠᠯ ᠳ᠋ᠠᠭᠠᠨ ᠶᠠᠪᠤᠭᠰᠠᠨ ᠲᠡᠳᠡᠨ ᠦ᠌ ᠡᠵᠡᠭᠦᠢ ᠭᠡᠷ ᠦ᠋ᠨ ᠭᠠᠳᠠᠭ᠎ᠠ
ᠮᠠᠬᠠᠷᠠᠵᠤ ᠬᠤᠷᠢᠶᠠᠭᠰᠠᠨ ᠠᠷᠭᠠᠯ ᠨᠢ ᠰᠢᠮᠠᠷᠭᠠᠨ ᠳ᠋ᠤ᠌ ᠨᠣᠷᠴᠤ ᠬᠡᠪᠲᠡᠭᠡ᠃
ᠲᠠᠷᠢᠶᠠᠨ ᠲᠠᠯᠠᠪᠠᠢ ᠳ᠋ᠤ᠌ ᠡᠳᠦᠢ ᠳ᠋ᠦ᠍ ᠬᠠᠭᠠᠯᠤᠭ᠎ᠠ ᠢᠳᠡ ᠳᠤᠮᠳᠠ ᠪᠠᠨ
ᠲᠠᠷᠠᠺᠲ᠋ᠣᠷ ᠤ᠋ᠨ ᠰᠢᠯᠦᠨ ᠺᠠᠪᠢᠨ ᠳ᠋ᠤ᠌ ᠬᠠᠷ᠎ᠠ ᠴᠢᠷᠠᠢᠲᠤ ᠵᠢᠯᠣᠭᠣᠴᠢ
ᠤᠯᠠᠭᠠᠨ ᠲᠠᠮᠠᠬᠢ ᠶ᠋ᠢ ᠰᠣᠨᠢᠨ ᠳ᠋ᠤ᠌ ᠨᠢᠴᠠᠷᠠᠭᠰᠠᠨ ᠬᠤᠷᠤᠭᠤ ᠪᠠᠷ ᠢ᠋ᠶ᠋ᠠᠨ ᠣᠷᠢᠶᠠᠵᠤ
ᠤᠲᠤᠭ᠎ᠠ ᠂ ᠬᠠᠷᠢᠶᠠᠯ ᠬᠣᠶᠠᠷ ᠢ᠋ᠶ᠋ᠠᠨ ᠵᠡᠷᠭᠡ ᠪᠠᠭᠠᠭᠢᠭᠤᠯᠵᠤ ᠶᠠᠪᠤᠭ᠎ᠠ ᠃
ᠦᠷᠡᠯᠡᠭᠴᠢ ᠳᠡᠭᠡᠷ᠎ᠡ ᠰᠠᠭᠤᠭᠰᠠᠨ ᠬᠥᠪᠡᠭᠦᠨ ᠰᠢᠷᠣᠢ ᠪᠤᠯᠠᠬᠤ ᠦᠭᠡᠢ ᠳ᠋ᠦ᠍ ᠪᠠᠶᠠᠷᠯᠠᠪᠠᠴᠤ
ᠦᠰᠦᠲᠡᠢ ᠬᠤᠪᠴᠠᠰᠤ ᠬᠢᠭᠡᠳ ᠢᠯᠡᠭᠡᠯᠲᠡ ᠶ᠋ᠢᠨ ᠡᠵᠡᠨ ᠥᠬᠢᠨ ᠢ᠋
ᠦᠷᠭᠦᠯᠵᠢ ᠪᠣᠳᠣᠬᠤ ᠶ᠋ᠢᠨ ᠡᠷᠬᠡᠨ ᠳ᠋ᠦ᠍ ᠬᠥᠯᠳᠡᠭᠦᠦ ᠶᠦᠮ ᠰᠢᠭ ᠴᠢᠷᠠᠢᠯᠠᠵᠤ
ᠥᠯᠢᠢ ᠰᠠᠬᠢᠨ ᠰᠠᠭᠤᠭ᠎ᠠ ᠬᠦᠷᠡᠩ ᠰᠢᠪᠠᠭᠤ ᠰᠢᠭ᠋ ᠬᠠᠷᠠᠭᠳᠠᠨ᠎ᠠ ᠃
ᠲᠡᠷᠭᠡ ᠰᠠᠢᠲᠠᠢ ᠵᠢᠯᠣᠭᠣᠴᠢ ᠳᠤᠯᠠᠭᠠᠨ ᠺᠠᠪᠢᠨ ᠳ᠋ᠠᠭᠠᠨ ᠤᠯᠠᠢᠰᠬᠢᠵᠦ
ᠲᠡᠭᠡᠭᠡᠵᠦ ᠶᠠᠪᠤᠭ᠎ᠠ ᠦᠷ᠎ᠡ ᠡᠴᠡ ᠪᠡᠨ ᠴᠤᠪᠤᠭᠤᠯᠤᠰᠬᠢᠨ ᠳᠠᠪᠬᠢᠨ᠎ᠠ
ᠲᠡᠷᠭᠡ ᠮᠠᠭᠤᠲᠠᠢ ᠨᠢᠭᠡ ᠨᠢ ᠨᠠᠷᠢᠨ ᠭᠣᠣᠯ ᠨᠢ ᠬᠡᠢ ᠡᠷᠭᠢᠵᠦ
ᠲᠡᠭᠷᠢ ᠮᠠᠬᠠᠨᠢᠲ᠋ᠹᠤᠨ ᠬᠣᠶᠠᠷ ᠢ᠋ᠶ᠋ᠠᠨ ᠬᠠᠨᠲᠠᠯ᠎ᠠ ᠬᠠᠷᠢᠶᠠᠵᠤ ᠶᠠᠪᠤᠨ᠎ᠠ ᠃
ᠬᠥᠳᠡᠭᠡ ᠨᠤᠲᠤᠭ ᠤ᠋ᠨ ᠲᠡᠭᠷᠢ᠂ ᠬᠤᠷᠴᠠ ᠡᠬᠡᠨᠡᠷ ᠰᠢᠭ
ᠬᠥᠳᠡᠯᠮᠦᠷᠢᠴᠢᠨ ᠬᠥᠮᠦᠨ ᠦ᠌ ᠵᠣᠪᠠᠬᠤ ᠪᠠᠶᠠᠰᠬᠤ ᠵᠡᠷᠭᠡᠴᠡᠭᠰᠡᠨ
ᠬᠥᠳᠡᠭᠡ ᠬᠡᠭᠡᠷ᠎ᠡ ᠶ᠋ᠢᠨ ᠠᠮᠢᠳᠤᠷᠠᠯ ᠢ᠋
ᠬᠦᠢᠲᠡᠨ ᠬᠠᠷᠠᠴᠠ ᠪᠠᠷ ᠰᠢᠯᠪᠢᠭᠦᠷᠳᠡᠨ᠎ᠡ ᠃
※ ᠢᠷᠡᠯᠲᠡ᠄
《 ᠷ · ᠴᠣᠶ᠋ᠢᠨᠣᠮ ᠦ᠋ᠨ ᠰᠢᠯᠦᠭ ᠵᠣᠬᠢᠶᠠᠯ ᠬᠤᠷᠢᠶᠠᠬᠤᠢ — 》
— ᠤᠶᠠᠩᠬ᠋᠎ᠠ ᠶ᠋ᠢᠨ ᠰᠢᠯᠦᠭ ᠡᠴᠡ ᠬᠠᠭᠤᠯᠪᠠ ᠃
ᠪᠢ · ᠳᠠᠮᠳᠢᠨᠰᠦ᠋ᠷᠦᠩ ᠡᠮᠬᠢᠤᠠᠬᠡᠨ ᠨᠠᠶ᠋ᠢᠷᠠᠭᠤᠯᠪᠠ
ᠬᠠᠷᠢᠭᠤᠴᠠᠭᠰᠠᠨ ᠨᠠᠶ᠋ᠢᠷᠠᠭᠤᠯᠤᠭᠴᠢ ᠄ ᠪᠣᠷᠤᠨᠤᠳ ᠳᠣᠷᠵᠢ
ᠦᠰᠦᠭ ᠠᠮᠢᠯᠠᠭᠤᠯᠤᠭᠴᠢ᠄ ᠰᠡᠷᠭᠦᠯᠡᠩ
ᠬᠢᠨᠠᠭᠴᠢ᠄ ᠣᠳᠬᠠᠨᠰᠣ᠎ᠠ
