ᠨᠡᠢᠰᠯᠡᠯ ᠳᠤ - ᠷ ᠂ ᠴᠣᠢᠨᠣᠮ Нийслэлд – Р ᠂ Чойном
ᠨᠡᠢᠰᠯᠡᠯ ᠳᠤ
ᠠᠮᠢᠨ ᠪᠡᠶ᠎ᠡ ᠶ᠋ᠢᠨ ᠰᠤᠳᠠᠰᠤ ᠰᠢᠭ᠋ ᠦᠢ ᠣᠯᠠᠨ ᠰᠤᠳᠠᠰᠤᠨ ᠤ᠋ ᠵᠠᠩᠭᠢᠯᠠᠭ᠎ᠠ ᠪᠣᠯᠤᠭᠰᠠᠨ
ᠦᠢᠯᠡᠳᠪᠦᠷᠢ ᠰᠤᠷᠭᠠᠭᠤᠯᠢ ᠠᠯᠠᠭᠯᠠᠭᠰᠠᠨ ᠵᠠᠯᠠᠭᠤ ᠬᠣᠲᠠ ᠳ᠋ᠤ᠌
ᠡᠭᠦᠯᠡ ᠪᠦᠷᠬᠦᠭᠡᠳ ᠥᠨᠥᠳᠥᠷ ᠦ᠋ᠨ ᠰᠢᠮᠠᠷᠭ᠎ᠠ ᠬᠠᠶᠠᠯᠠᠭᠰᠠᠨ ᠣᠷᠣᠢ
ᠦᠵᠡᠪᠦᠷᠢ ᠶ᠋ᠢᠨ ᠭᠠᠵᠠᠷ ᠤ᠋ᠨ ᠡᠭᠦᠳᠡᠨ ᠳ᠋ᠦ᠍ ᠵᠠᠯᠠᠭᠤᠰ ᠳᠡᠪᠬᠡᠴᠡᠵᠦ ᠪᠠᠢᠭ᠎ᠠ
ᠰᠠᠪᠬ᠎ᠠ ᠰᠢᠭ᠋ ᠨᠢᠷᠤᠭᠤ ᠲᠠᠢ ᠨᠢ ᠬᠦᠢᠲᠡᠨ ᠳ᠋ᠦ᠍ ᠵᠢᠬᠡᠭᠦᠴᠡᠨ ᠮᠡᠬᠦᠢᠵᠦ
ᠰᠠᠯᠪᠠᠭᠠᠷ ᠥᠮᠥᠳᠦᠨ ᠦ᠌ ᠲᠦᠷᠡᠢ ᠳ᠋ᠦ᠍ ᠨᠣᠢᠲᠠᠨ ᠰᠢᠪᠬᠠᠢ ᠦᠰᠦᠷᠦᠭᠡᠳ
ᠰᠠᠷᠯᠤᠭ ᠤ᠋ᠨ ᠰᠡᠪᠡᠭ ᠰᠢᠭ᠋ ᠦᠰᠦ ᠨᠢ ᠤᠰᠤ ᠱᠦᠭᠦᠷᠡᠨ ᠤᠨᠵᠢᠢᠭᠠᠳ
ᠰᠠᠢᠬᠠᠨ ᠴᠠᠭᠠᠨ ᠴᠢᠷᠠᠢ ᠳ᠋ᠤᠨᠢ ᠬᠥᠮᠦᠰᠬᠡᠨ ᠦ᠌ ᠪᠣᠳᠣᠭ ᠬᠠᠯᠲᠠᠷᠲᠤᠭᠰᠠᠨ
ᠡᠷ᠎ᠡ ᠡᠮ᠎ᠡ ᠨᠢ ᠮᠡᠳᠡᠭᠳᠡᠬᠦ ᠦᠭᠡᠢ ᠵᠠᠯᠠᠭᠤᠰ ᠲᠡᠨᠳᠡ ᠬᠣᠯᠬᠢᠰᠬᠢᠵᠦ
ᠡᠬᠡᠰᠢᠭ ᠮᠠᠭᠤᠲᠠᠢ ᠳᠠᠭᠤᠤ ᠨᠤᠭᠤᠳ ᠠᠮᠠ ᠠᠮᠠᠨ ᠳ᠋ᠠᠭᠠᠨ ᠭᠣᠩᠭᠢᠨᠠᠭᠠᠳ
ᠲᠠᠬ᠎ᠠ ᠲᠠᠢ ᠭᠤᠲᠤᠯ ᠤ᠋ᠨ ᠥᠰᠥᠭᠡᠢ ᠪᠡᠷ ᠴᠢᠯᠠᠭᠤᠨ ᠱᠠᠯᠠ ᠶ᠋ᠢ ᠪᠠᠯᠪᠠᠵᠤ
ᠲᠠᠩᠨᠠᠭᠤᠯ ᠲᠠᠢ ᠺᠢᠨᠣ᠋ ᠬᠠᠷᠠᠬᠤ ᠶ᠋ᠢᠨ ᠬᠦᠰᠡᠯᠡᠩ ᠪᠣᠯᠵᠤ ᠪᠠᠢᠭ᠎ᠠ
ᠮᠣᠩᠭᠣᠯ ᠮᠠᠶᠢᠭ ᠤ᠋ᠨ ᠭᠡᠷ ᠦ᠋ᠳ ᠰᠢᠨ᠎ᠡ ᠬᠣᠷᠣᠭᠠᠯᠠᠯ ᠳ᠋ᠤ᠌ ᠲᠦᠷᠢᠭᠳᠡᠭᠡᠳ
ᠮᠣᠷᠢᠨ ᠲᠡᠷᠭᠡᠴᠢᠨ ᠡᠪᠦᠭᠡᠨ ᠵᠠᠰᠠᠮᠠᠯ ᠳ᠋ᠤ᠌ ᠢᠯᠡᠭᠦᠳᠡᠨ ᠰᠢᠬᠠᠭᠳᠠᠭᠠᠳ
ᠠᠭᠤᠯᠠ ᠶ᠋ᠢᠨ ᠬᠠᠵᠠᠭᠤ ᠳ᠋ᠤ᠌ ᠨᠠᠭᠠᠯᠳᠤᠭᠰᠠᠨ ᠵᠥᠭᠡᠢ ᠨᠦ᠍ᠭᠦᠳ ᠰᠢᠭ ᠬᠠᠰᠢᠶ᠎ᠠ ᠨᠤᠭᠤᠳ
ᠤᠰᠤ ᠴᠠᠰᠤᠨ ᠳ᠋ᠤ᠌ ᠵᠤᠲᠠᠷᠠᠪᠠᠴᠤ ᠭᠡᠷ ᠲᠡᠭᠡᠨ ᠳᠤᠯᠠᠭᠠᠨ ᠪᠠᠢᠭ᠎ᠠ
ᠦᠢᠯᠡᠳᠪᠦᠷᠢ ᠶ᠋ᠢᠨ ᠨᠦᠰᠡᠷ ᠴᠧᠺ ᠲᠦ᠍ ᠠᠵᠢᠯᠴᠢᠨ ᠡᠳᠦᠢ ᠳ᠋ᠦ᠍ ᠴᠡᠩᠭᠡᠯ ᠲᠡᠢ
ᠦᠨᠡᠲᠦ ᠮᠧᠪᠧᠯ ᠲᠡᠢ ᠥᠷᠥᠭᠡᠨ ᠳ᠋ᠦ᠍ ᠪᠠᠶᠠᠴᠤᠳ ᠡᠳᠦᠢ ᠳ᠋ᠦ᠍ ᠵᠢᠷᠭᠠᠯ ᠲᠠᠢ
ᠡᠮᠬᠦ ᠮᠢᠬᠠᠨ ᠤ᠋ ᠤᠴᠢᠷ ᠲᠤ᠌ ᠬᠡᠦᠬᠡᠨ ᠨᠦ᠍ᠭᠦᠳ ᠡᠳᠦᠢ ᠳ᠋ᠦ᠍ ᠬᠡᠷᠡᠭᠦᠯ ᠲᠡᠢ
ᠦᠢᠮᠡᠭᠡᠨ ᠶᠡᠬᠡᠲᠡᠢ ᠷᠠᠰᠲ᠋ᠤᠷᠠᠨ ᠳ᠋ᠤ᠌ ᠠᠷᠢᠭᠢᠴᠢᠳ ᠡᠳᠦᠢ ᠳ᠋ᠦ᠍ ᠬᠥᠭᠵᠢᠯ ᠲᠡᠢ
ᠣᠶᠤᠲᠠᠨ ᠤ᠋ ᠪᠢᠴᠢᠬᠠᠨ ᠥᠷᠥᠭᠡᠨ ᠳ᠋ᠦ᠍ ᠮᠢᠨᠦ ᠮᠠᠭᠤᠬᠠᠢ ᠰᠢᠳᠦᠲᠦ
ᠣᠷᠣᠨ ᠳᠡᠭᠡᠷ᠎ᠡ ᠪᠡᠨ ᠡᠳᠦᠢ ᠳ᠋ᠦ᠍ ᠪᠠᠷᠠᠭᠤᠨ ᠬᠠᠵᠠᠭᠤ ᠪᠠᠷ ᠢ᠋ᠶ᠋ᠠᠨ ᠬᠡᠪᠲᠡᠭᠡᠳ
ᠣᠷᠣᠰ ᠬᠡᠯᠡ ᠪᠣᠳᠣᠬᠤ ᠠ᠋ᠴᠠ ᠪᠠᠨ ᠢᠷᠡᠭᠰᠡᠨ ᠵᠠᠬᠢᠳᠠᠯ ᠢ᠋ᠶ᠋ᠠᠨ ᠪᠣᠳᠣᠵᠤ
ᠣᠢᠷ᠎ᠠ ᠪᠠᠢᠭ᠎ᠠ ᠰᠠᠨ ᠪᠣᠯ ᠨᠠᠳᠠ ᠲᠠᠢ ᠬᠡᠷᠡᠯᠳᠦᠬᠦ ᠰᠠᠨ ᠭᠡᠵᠦ ᠪᠠᠢᠭ᠎ᠠ
ᠬᠥᠮᠦᠨ ᠦ᠌ ᠮᠠᠭᠤ ᠠᠷᠢᠯᠳᠠᠭ ᠦᠭᠡᠢ ᠂ ᠲᠡᠭᠷᠢ ᠶ᠋ᠢᠨ ᠮᠠᠭᠤ ᠠᠷᠢᠯᠳᠠᠭ
ᠬᠦᠢᠲᠡᠨ ᠪᠦᠷᠬᠦᠭ ᠥᠨᠥᠳᠥᠷ ᠮᠠᠷᠭᠠᠰᠢ ᠭᠡᠬᠦ ᠳ᠋ᠦ᠍ ᠴᠡᠯᠮᠡᠨ᠎ᠡ ᠠᠮᠢᠰᠬᠤᠭ᠎ᠠ
ᠭᠦᠨᠵᠡᠭᠡᠢ ᠠᠪᠬᠤ ᠮᠡᠲᠦ ᠬᠥᠳᠡᠭᠡ ᠨᠤᠲᠤᠭ ᠲᠡᠨᠢᠢᠵᠦ
ᠠᠷᠠᠳ ᠮᠠᠯᠴᠢᠨ ᠤᠷᠮᠠᠲᠠᠢ ᠳᠠᠭᠤᠤ ᠪᠠᠨ ᠳᠠᠭᠤᠯᠠᠨ ᠳᠠᠪᠬᠢᠨ᠎ᠠ ᠃
※ ᠢᠷᠡᠯᠲᠡ᠄
《 ᠷ · ᠴᠣᠶ᠋ᠢᠨᠣᠮ ᠦ᠋ᠨ ᠰᠢᠯᠦᠭ ᠵᠣᠬᠢᠶᠠᠯ ᠬᠤᠷᠢᠶᠠᠬᠤᠢ — 》
— ᠤᠶᠠᠩᠬ᠋᠎ᠠ ᠶ᠋ᠢᠨ ᠰᠢᠯᠦᠭ ᠡᠴᠡ ᠬᠠᠭᠤᠯᠪᠠ ᠃
ᠪᠢ · ᠳᠠᠮᠳᠢᠨᠰᠦ᠋ᠷᠦᠩ ᠡᠮᠬᠢᠤᠠᠬᠡᠨ ᠨᠠᠶ᠋ᠢᠷᠠᠭᠤᠯᠪᠠ
ᠬᠠᠷᠢᠭᠤᠴᠠᠭᠰᠠᠨ ᠨᠠᠶ᠋ᠢᠷᠠᠭᠤᠯᠤᠭᠴᠢ ᠄ ᠪᠣᠷᠤᠨᠤᠳ ᠳᠣᠷᠵᠢ
ᠦᠰᠦᠭ ᠠᠮᠢᠯᠠᠭᠤᠯᠤᠭᠴᠢ᠄ ᠲᠥᠮᠡᠨᠴᠡᠴᠡᠭ
ᠬᠢᠨᠠᠭᠴᠢ᠄ ᠰᠡᠬᠡᠭᠡᠷᠡᠯ
