ᠠᠶᠤᠳᠠᠭ ᠪᠣᠯᠣᠯ᠎ᠠ - ᠷ ᠂ ᠴᠣᠢᠨᠣᠮ Айдаг боллоо – Р ᠂ Чойном ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠠᠶᠤᠳᠠᠭ ᠪᠣᠯᠣᠯ᠎ᠠ - ᠷ ᠂ ᠴᠣᠢᠨᠣᠮ Айдаг боллоо – Р ᠂ Чойном

ᠠᠶᠤᠳᠠᠭ ᠪᠣᠯᠣᠯ᠎ᠠ - ᠷ ᠂ ᠴᠣᠢᠨᠣᠮ Айдаг боллоо – Р ᠂ Чойном

2023-07-23

266

ᠠᠶᠤᠳᠠᠭ ᠪᠣᠯᠣᠯ᠎ᠠ


 ᠬᠣᠷᠢᠨ ᠬᠡᠳᠦᠨ ᠵᠢᠯ ᠰᠡᠳᠬᠢᠯ ᠢ᠋ ᠮᠢᠨᠢ 
 ᠬᠣᠯᠪᠢᠯᠵᠠᠭᠤᠯᠤᠩᠬᠠᠨ ᠪᠦᠪᠡᠢᠯᠡᠭᠰᠡᠨ 
 ᠬᠣᠯᠴᠢᠷᠬᠠᠨ ᠵᠠᠯᠠᠭᠤ ᠨᠠᠰᠤᠨ ᠤ᠋ ᠮᠢᠨᠢ ᠠᠯᠳᠠᠩᠬᠠᠨ ᠰᠣᠯᠣᠩᠭ᠎ᠠ 
 ᠬᠣᠷᠸ᠋᠎ᠠ ᠳ᠋ᠤ᠌ ᠬᠣᠣᠰ ᠦᠭᠡᠢ ᠮᠣᠩᠭᠣᠯ ᠨᠤᠲᠤᠭ ᠤ᠋ᠨ ᠰᠥᠨᠢ 

 ᠪᠣᠳᠣᠯ ᠲᠠᠭᠠᠷᠠᠬᠤ ᠳᠣᠲᠣᠨᠣ ᠨᠥᠬᠥᠳ ᠲᠡᠢ ᠪᠡᠨ  
 ᠪᠣᠳᠢ ᠰᠡᠳᠬᠢᠯ ᠦ᠋ᠨ ᠴᠠᠩᠬ᠎ᠠ ᠪᠠᠨ ᠭᠠᠷᠲᠠᠯ᠎ᠠ ᠢᠨᠢᠶᠡᠵᠦ 
 ᠨᠠᠰᠤᠨ ᠤ᠋ ᠪᠠᠨ ᠭᠤᠨᠢᠭ ᠢ᠋ ᠮᠠᠷᠲᠠᠬᠤ ᠳ᠋ᠠᠭᠠᠨ 
 ᠨᠣᠢᠷ ᠢ᠋ᠶ᠋ᠠᠨ ᠴᠤ᠌ ᠪᠢ ᠬᠠᠢᠷᠠᠯᠠᠬᠤ ᠦᠭᠡᠢ ᠠ᠋᠃  

 ᠲᠡᠷᠭᠡ ᠵᠢᠯᠣᠭᠣᠳᠤᠭᠰᠠᠨ ᠪᠦᠰᠡᠭᠦᠢ ᠬᠥᠮᠦᠨ  
 ᠲᠡᠷᠡ ᠵᠢᠯ ᠨᠠᠳᠠ ᠳ᠋ᠤ᠌ ᠰᠠᠢᠬᠠᠨ ᠬᠠᠷᠠᠭᠳᠠᠳᠠᠭ ᠰᠠᠨ  
 ᠴᠡᠷᠢᠭ ᠬᠤᠪᠴᠠᠰᠤ ᠲᠠᠢ ᠬᠥᠮᠦᠨ ᠨᠠᠳᠠ ᠡᠦᠲᠦ 
 ᠴᠡᠩᠭᠡᠯ ᠵᠢᠷᠭᠠᠯ ᠤ᠋ᠨ ᠲᠡᠮᠳᠡᠭ ᠰᠢᠭ ᠬᠠᠷᠠᠭᠳᠠᠬᠤ ᠶᠤᠮ᠃  

 ᠬᠡᠷᠪᠡ ᠪᠢ ᠬᠤᠯᠠᠭᠠᠢᠴᠢ ᠳ᠋ᠤ᠌ ᠳᠤᠷᠠᠯᠠᠭᠰᠠᠨ ᠪᠣᠯ  
 ᠬᠡᠷᠵᠢᠭᠡᠷ ᠲᠣᠣᠷ ᠤ᠋ᠨ ᠬᠠᠰᠢᠶ᠎ᠠ ᠰᠠᠢᠬᠠᠨ ᠬᠠᠷᠠᠭᠳᠠᠬᠤ ᠪᠣᠯᠪᠠ ᠤᠤ᠂  
 ᠣᠷᠴᠢᠯᠠᠩ ᠭᠡᠳᠡᠭ ᠴᠢᠨᠢ ᠦᠵᠡᠯ ᠰᠤᠷᠲᠠᠯ ᠪᠢᠰᠢ ᠪᠣᠯᠬᠤ ᠪᠠᠷ 
 ᠡᠦᠲᠦ ᠪᠡᠷ ᠪᠢ ᠲᠤᠩ ᠴᠤ᠌ ᠬᠡᠯᠡᠵᠦ ᠴᠢᠳᠠᠬᠤ ᠦᠭᠡᠢ ᠶᠦᠮ ᠳᠡ᠃  

 ᠨᠢᠭᠦᠯ ᠲᠡᠢ ᠶᠡᠬᠡ ᠳᠤᠷᠠᠯᠠᠬᠤ ᠪᠠᠷ ᠶ᠋ᠢᠠᠨ ᠪᠢ ᠤᠷᠢᠳᠤ 
 ᠨᠢᠳᠦ ᠪᠡᠨ ᠲᠠᠯᠲᠠᠷᠢᠲᠠᠯ᠎ᠠ ᠭᠣᠶᠣᠭᠠᠰᠠᠢ ᠭᠡᠳᠡᠭ 
 ᠨᠢᠭᠦᠯ ᠨᠢᠭᠦᠯ ᠡᠴᠡ ᠠᠶᠤᠯ ᠦᠭᠡᠢ ᠳᠤᠷᠠᠯᠠᠭᠠᠳ ᠡᠦᠲᠦ  
 ᠨᠢᠴᠦᠭᠦᠨ ᠴᠦ᠍ ᠭᠡᠰᠡᠨ ᠶᠠᠪᠤᠬᠤ ᠭᠡᠳᠡᠭ ᠪᠣᠯᠤᠯ᠎ᠠ ᠃  

 ᠠᠮᠠᠷᠠᠭ ᠲᠡᠭᠦᠨ ᠦ᠌ ᠮᠢᠨᠢ ᠬᠣᠶᠠᠷ ᠨᠢᠳᠦ  
 ᠠᠮᠢᠲᠠᠨ ᠠ᠋ᠴᠠ ᠨᠠᠮᠠᠢ ᠣᠨᠴᠠᠯᠠᠨ ᠬᠠᠷᠠᠬᠤ ᠳ᠋ᠠᠭᠠᠨ 
 ᠬᠤᠪᠴᠠᠰᠤᠨ ᠤ᠋ ᠥᠩᠭᠡᠨ ᠳ᠋ᠦ᠍ ᠲᠦᠷ ᠴᠦ᠍ ᠭᠡᠰᠡᠨ 
 ᠬᠠᠭᠤᠷᠲᠠᠬᠤ ᠪᠣᠢ ᠭᠡᠵᠦ ᠠᠶᠤᠳᠠᠭ ᠪᠣᠯᠤᠯ᠎ᠠ᠃  

※ ᠢᠷᠡᠯᠲᠡ᠄
《 ᠷ · ᠴᠣᠶ᠋ᠢᠨᠣᠮ ᠦ᠋ᠨ ᠰᠢᠯᠦᠭ ᠵᠣᠬᠢᠶᠠᠯ ᠬᠤᠷᠢᠶᠠᠬᠤᠢ — 》
            — ᠤᠶᠠᠩᠬ᠋᠎ᠠ ᠶ᠋ᠢᠨ ᠰᠢᠯᠦᠭ ᠡᠴᠡ ᠬᠠᠭᠤᠯᠪᠠ ᠃
             ᠪᠢ‍  · ᠳᠠᠮᠳᠢᠨᠰᠦ᠋ᠷᠦᠩ ᠡᠮᠬᠢᠤᠠᠬᠡᠨ ᠨᠠᠶ᠋ᠢᠷᠠᠭᠤᠯᠪᠠ
             ᠬᠠᠷᠢᠭᠤᠴᠠᠭᠰᠠᠨ ᠨᠠᠶ᠋ᠢᠷᠠᠭᠤᠯᠤᠭᠴᠢ ᠄ ᠪᠣᠷᠤᠨᠤᠳ ᠳᠣᠷᠵᠢ

   ᠦᠰᠦᠭ ᠠᠮᠢᠯᠠᠭᠤᠯᠤᠭᠴᠢ᠄  ᠰᠡᠷᠭᠦᠯᠡᠩ 
    ᠬᠢᠨᠠᠭᠴᠢ᠄ ᠰᠡᠬᠡᠭᠡᠷᠡᠯ