ᠤᠩᠰᠢᠯᠬ᠋ᠠ ᠪᠢᠴᠢᠯᠭᠡ ᠶ᠋ᠢᠨ ᠲᠤᠰᠠᠯᠠᠮᠵᠢ 3 ( ᠬᠡᠯᠡ ᠪᠢᠴᠢᠭ – ᠳᠣᠯᠣᠳᠤᠭᠠᠷ ᠳᠡᠪᠲᠡᠷ) Уншилх бичлэгийн тусламж 3( Хэл бичиг – Долдугар дэвтэр)
ᠤᠩᠰᠢᠯᠬ᠋ᠠ ᠪᠢᠴᠢᠯᠭᠡ ᠶ᠋ᠢᠨ ᠲᠤᠰᠠᠯᠠᠮᠵᠢ < ᠭᠤᠷᠪᠠ >
ᠤᠩᠰᠢᠬᠤ ᠶ᠋ᠢᠨ ᠳᠠᠭᠠᠤ ᠰᠡᠳᠬᠢᠬᠦ
ᠪᠢᠳᠡ ᠬᠢᠴᠢᠶᠡᠯ ᠢᠶᠠᠨ ᠤᠩᠰᠢᠬᠤ ᠳ᠋ᠠᠭᠠᠨ ᠤᠩᠰᠢᠬᠤ ᠶ᠋ᠢᠨ ᠳᠠᠭᠠᠤ ᠰᠡᠳᠬᠢᠬᠦ ᠬᠡᠷᠡᠭᠲᠡᠢ᠃
《ᠲᠡᠮᠦᠵᠢᠨ ᠡᠷᠳᠡᠮ ᠢ᠋ᠶ᠋ᠡᠷ ᠢᠲᠡᠭᠡᠯᠲᠦ ᠨᠥᠬᠥᠷ ᠢ᠋ ᠣᠯᠪᠠ》ᠭᠡᠰᠡᠨ ᠬᠢᠴᠢᠶᠡᠯ ᠢ᠋ᠶ᠋ᠡᠷ ᠵᠢᠱ᠌ᠢᠶᠡᠯᠡᠪᠡᠯ᠄ ᠲᠤᠰ ᠵᠣᠬᠢᠶᠠᠯ ᠳ᠋ᠤ᠌ ᠲᠡᠮᠦᠵᠢᠨ᠂ ᠪᠣᠭᠣᠷᠴᠤ ᠬᠣᠶᠠᠷ ᠤ᠋ᠨ ᠲᠠᠨᠢᠯᠴᠠᠨ ᠨᠥᠬᠥᠷᠯᠡᠭᠰᠡᠨ ᠦᠯᠢᠭᠡᠷ ᠢ᠋ ᠪᠢᠴᠢᠵᠡᠢ᠃ ᠲᠡᠮᠦᠵᠢᠨ ᠨᠠᠢ᠍ᠮᠠᠨ ᠰᠢᠷᠭ᠎ᠠ ᠠᠭᠲᠠ ᠪᠠᠨ ᠬᠤᠯᠠᠭᠠᠢ ᠳ᠋ᠤ᠌ ᠠᠯᠳᠠᠭᠠᠳ ᠮᠥᠷ ᠮᠥᠰᠬᠢᠨ ᠶᠠᠪᠤᠬᠤ ᠳ᠋ᠠᠭᠠᠨ ᠦᠬᠡᠷ ᠲᠤᠶᠠᠴᠢᠵᠤ ᠪᠠᠢᠭ᠎ᠠ ᠪᠣᠭᠣᠷᠴᠤ ᠶ᠋ᠢᠨ ᠪᠠᠭᠤᠳᠠᠯ ᠳ᠋ᠤ᠌ ᠬᠦᠷᠴᠡᠢ᠃ ᠪᠣᠭᠣᠷᠴᠤ ᠶ᠋ᠢᠨ ᠪᠠᠭᠤᠳᠠᠯ ᠤ᠋ᠨ ᠭᠠᠳᠠᠨ᠎ᠠ ᠬᠡᠳᠦᠨ ᠮᠢᠩᠭᠠᠨ ᠠᠳᠤᠭᠤ ᠪᠠᠢᠭᠰᠠᠨ ᠪᠣᠯᠬᠣᠷ ᠲᠡᠮᠦᠵᠢᠨ ᠪᠣᠭᠣᠷᠴᠤ ᠶ᠋ᠢᠨ ᠠᠳᠤᠭᠤᠨ ᠳ᠋ᠤ᠌ ᠠᠯᠳᠠᠭᠰᠠᠨ ᠨᠠᠢ᠍ᠮᠠᠨ ᠠᠭᠲᠠ ᠨᠢ ᠪᠠᠢᠵᠤ ᠮᠡᠳᠡᠨ᠎ᠡ ᠭᠡᠵᠦ ᠪᠣᠳᠣᠭᠠᠳ ᠰᠠᠮ ᠠᠵᠢᠵᠠᠢ᠃ ᠭᠡᠲᠡᠯ᠎ᠡ ᠪᠣᠭᠣᠷᠴᠤ ᠶ᠋ᠢᠨ ᠠᠳᠤᠭᠤᠨ ᠳ᠋ᠤ᠌ ᠭᠠᠳᠠᠨ᠎ᠠ ᠠ᠋ᠴᠠ ᠢᠷᠡᠭᠰᠡᠨ ᠠᠭᠲᠠ ᠪᠠᠢᠬᠤ ᠦᠭᠡᠢ ᠶ᠋ᠢ ᠪᠣᠭᠣᠷᠴᠤ ᠥᠪᠡᠷ ᠢᠶᠠᠨ ᠮᠡᠳᠡᠨ᠎ᠡ᠃ ᠪᠣᠭᠣᠷᠴᠤ ᠪᠣᠯ ᠢᠳᠡ ᠬᠦᠴᠦ ᠲᠡᠢ᠂ ᠠᠰᠢᠭᠦᠢ ᠰᠢᠯᠤᠭᠤᠨ ᠵᠠᠩ ᠲᠠᠢ ᠬᠥᠮᠦᠨ ᠲᠤᠯᠠ ᠲᠡᠮᠦᠵᠢᠨ ᠠᠳᠤᠭᠤ ᠶ᠋ᠢ ᠨᠢ ᠰᠠᠮ ᠠᠵᠢᠬᠤ ᠳ᠋ᠤ᠌ ᠡᠭᠳᠡᠭᠦᠦ ᠨᠢ ᠬᠦᠷᠴᠦ᠂ ᠵᠡᠪᠰᠡᠭ ᠠᠪᠴᠤ ᠮᠣᠷᠢᠨ ᠳ᠋ᠠᠭᠠᠨ ᠮᠣᠷᠳᠠᠭᠠᠳ ᠲᠡᠮᠦᠵᠢᠨ ᠡᠴᠡ᠄ ᠬᠠᠮᠢᠭ᠎ᠠ ᠠ᠋ᠴᠠ ᠢᠷᠡᠭᠰᠡᠨ ᠶᠠᠭᠤᠨ ᠤ᠋ ᠬᠥᠮᠦᠨ ᠪᠣᠢ? ᠭᠡᠵᠦ ᠵᠠᠩᠳᠠᠨ ᠠᠰᠠᠭᠤᠪᠠ᠃ ᠡᠨᠡ ᠦᠶ᠎ᠡ ᠳ᠋ᠦ᠍ ᠡᠳᠡ ᠬᠣᠶᠠᠭᠤᠯᠠ ᠲᠠᠨᠢᠯᠴᠠᠭᠠ ᠦᠭᠡᠢ ᠪᠠᠢᠪᠠ᠃ ᠢᠩᠭᠢᠭᠡᠳ ᠦᠯᠦ ᠲᠠᠨᠢᠯᠴᠠᠬᠤ ᠡᠨᠡ ᠬᠣᠶᠠᠷ ᠬᠥᠮᠦᠨ ᠦ᠌ ᠬᠣᠭᠣᠷᠣᠨᠳᠣ ᠵᠥᠷᠢᠴᠡᠯ ᠡᠭᠦᠰᠪᠡ᠃ ᠡᠨᠡ ᠮᠡᠲᠦ ᠵᠥᠷᠢᠴᠡᠯ ᠡᠭᠦᠰᠦᠭᠰᠡᠨ ᠶᠠᠪᠤᠳᠠᠯ ᠨᠢ ᠴᠢᠪ ᠭᠡᠮᠡᠨ ᠡᠨᠡ ᠬᠣᠶᠠᠷ ᠤ᠋ᠨ ᠲᠠᠨᠢᠯᠴᠠᠨ ᠢᠵᠢᠯᠢᠰᠬᠦ ᠶ᠋ᠢᠨ ᠠᠩᠬᠠᠨ ᠤ᠋ ᠠᠯᠬᠤᠮ ᠨᠢ ᠪᠣᠯᠤᠭᠰᠠᠨ ᠶᠤᠮ᠃ ᠬᠡᠷᠪᠡ ᠲᠡᠮᠦᠵᠢᠨ ᠨᠠᠢ᠍ᠮᠠᠨ ᠰᠢᠷᠭ᠎ᠠ ᠪᠠᠨ ᠠᠯᠳᠠᠭᠰᠠᠨ ᠦᠭᠡᠢ ᠪᠣᠯ ᠪᠣᠭᠣᠷᠴᠤ ᠶ᠋ᠢᠨ ᠳ᠋ᠦ᠍ ᠢᠷᠡᠬᠦ ᠦᠭᠡᠢ ᠶᠦ᠍ᠮ᠃ ᠪᠣᠭᠣᠷᠴᠤ ᠶ᠋ᠢᠨ ᠪᠠᠭᠤᠳᠠᠯ ᠤ᠋ᠨ ᠭᠠᠳᠠᠨ᠎ᠠ ᠬᠡᠳᠦᠨ ᠮᠢᠩᠭᠠᠨ ᠠᠳᠤᠭᠤ ᠪᠠᠢᠭᠰᠠᠨ ᠦᠭᠡᠢ ᠪᠣᠯ ᠲᠡᠮᠦᠵᠢᠨ ᠠᠳᠤᠭᠤ ᠶ᠋ᠢ ᠨᠢ ᠠᠵᠢᠬᠤ ᠨᠥᠬᠥᠴᠡᠯ ᠦᠭᠡᠢ ᠶᠦ᠍ᠮ᠃ ᠪᠣᠭᠣᠷᠴᠤ ᠶ᠋ᠢᠨ ᠠᠳᠤᠭᠤ ᠶ᠋ᠢ ᠰᠠᠮ ᠠᠵᠢᠭᠰᠠᠨ ᠦᠭᠡᠢ ᠪᠣᠯ ᠦᠬᠡᠷ ᠲᠤᠶᠠᠴᠢᠵᠤ ᠪᠠᠢᠭᠰᠠᠨ ᠪᠣᠭᠣᠷᠴᠤ ᠵᠡᠪᠰᠡᠭ ᠠᠪᠴᠤ ᠮᠣᠷᠢᠨ ᠳ᠋ᠠᠭᠠᠨ ᠮᠣᠷᠳᠠᠭᠠᠳ ᠲᠡᠮᠦᠵᠢᠨ ᠡᠴᠡ ᠵᠠᠩᠳᠠᠨ ᠠᠰᠠᠭᠤᠬᠤ ᠶᠣᠰᠣ ᠦᠭᠡᠢ ᠶᠦ᠍ᠮ᠃ ᠲᠡᠮᠦᠵᠢᠨ᠂ ᠪᠣᠭᠣᠷᠴᠤ ᠶ᠋ᠢᠨ ᠬᠣᠭᠣᠷᠣᠨᠳᠣ ᠵᠥᠷᠢᠴᠡᠯ ᠡᠭᠦᠰᠦᠭᠰᠡᠨ ᠦᠭᠡᠢ ᠪᠣᠯ ᠡᠨᠡ ᠬᠣᠶᠠᠷ ᠲᠠᠨᠢᠯᠴᠠᠨ ᠨᠠᠢᠵᠠᠯᠠᠵᠤ ᠴᠢᠳᠠᠬᠤ ᠦᠭᠡᠢ ᠶᠦ᠍ᠮ᠃ ᠭᠡᠲᠡᠯ᠎ᠡ ᠲᠡᠮᠦᠵᠢᠨ ᠥᠪᠡᠷ ᠦ᠋ᠨ ᠣᠪᠣᠭ ᠨᠡᠷ᠎ᠡ ᠪᠡᠨ ᠬᠡᠯᠡᠵᠦ᠂ ᠤᠴᠢᠷ ᠶᠠᠪᠤᠳᠠᠯ ᠢ᠋ᠶ᠋ᠠᠨ ᠶᠠᠷᠢᠭᠰᠠᠨ ᠳ᠋ᠤ᠌ ᠪᠣᠭᠣᠷᠴᠤ ᠠᠭᠤᠷᠯᠠᠭᠰᠠᠨ ᠦᠭᠡᠢ ᠮᠥᠷᠲᠡᠭᠡᠨ ᠠᠯᠠᠰᠬᠢᠨ ᠪᠠᠶᠠᠷᠯᠠᠪᠠ᠃ ᠡᠭᠦᠨ ᠡᠴᠡ ᠦᠵᠡᠪᠡᠯ ᠲᠡᠷᠡ ᠲᠡᠮᠦᠵᠢᠨ ᠦ᠌ ᠲᠤᠬᠠᠢ ᠥᠩᠭᠡᠷᠡᠭᠰᠡᠨ ᠳ᠋ᠦ᠍ ᠰᠣᠨᠣᠰᠴᠤ ᠪᠠᠢᠭᠰᠠᠨ ᠪᠥᠭᠡᠳ ᠲᠡᠭᠦᠨ ᠢ᠋ ᠬᠦᠨᠳᠦᠳᠬᠡᠨ ᠪᠢᠰᠢᠷᠡᠬᠦ ᠰᠡᠳᠬᠢᠯᠭᠡ ᠲᠥᠷᠥᠵᠦ ᠪᠠᠢᠭᠰᠠᠨ ᠶᠤᠮ ᠪᠠᠢᠨ᠎ᠠ᠃ ᠡᠨᠡ ᠪᠣᠯ ᠲᠡᠳᠡ ᠬᠣᠶᠠᠭᠤᠯᠠ ᠨᠥᠬᠥᠷᠯᠡᠵᠦ ᠨᠠᠢᠵᠠᠯᠠᠬᠤ ᠶ᠋ᠢᠨ ᠨᠢᠭᠡᠨ ᠰᠠᠭᠤᠷᠢ ᠪᠣᠯᠤᠨ᠎ᠠ᠃ ᠡᠨᠡ ᠢᠷᠡᠭᠰᠡᠨ ᠬᠥᠮᠦᠨ ᠲᠡᠮᠦᠵᠢᠨ ᠭᠡᠳᠡᠭ ᠢ᠋ ᠮᠡᠳᠡᠭᠡᠳ《ᠡᠷᠬᠢᠮ ᠴᠢᠮ᠎ᠠ ᠳ᠋ᠤ᠌ ᠬᠡᠳᠦᠨ ᠬᠥᠪᠴᠢᠲᠦ ᠨᠤᠮᠤ ᠲᠠᠲᠠᠬᠤ᠂ ᠬᠡᠳᠦᠢ ᠬᠦᠨᠳᠦ ᠴᠢᠯᠠᠭᠤ ᠡᠷᠭᠦᠬᠦ ᠬᠦᠴᠦᠨ ᠲᠡᠢ ᠪᠣᠢ?》ᠭᠡᠵᠦ ᠪᠣᠭᠣᠷᠴᠤ ᠤᠯᠠᠮ ᠨᠢᠭᠡ ᠠᠯᠬᠤᠮ ᠳᠠᠩᠰᠠᠨ ᠠᠰᠠᠭᠤᠪᠠ᠃ ᠡᠨᠡ ᠪᠣᠯ ᠲᠡᠳᠡ ᠬᠣᠶᠠᠭᠤᠯᠠ ᠶ᠋ᠢᠨ ᠬᠣᠭᠣᠷᠣᠨᠳᠣ ᠡᠭᠦᠰᠦᠭᠰᠡᠨ ᠬᠣᠶᠠᠳᠤᠭᠠᠷ ᠵᠥᠷᠢᠴᠡᠯ ᠪᠣᠯᠤᠨ᠎ᠠ᠂ ᠮᠥᠨ ᠴᠦ᠍ ᠤᠯᠠᠮ ᠨᠢᠭᠡ ᠠᠯᠬᠤᠮ ᠭᠦᠨᠵᠡᠭᠡᠢᠷᠡᠨ ᠲᠠᠨᠢᠯᠴᠠᠬᠤ ᠶ᠋ᠢᠨ ᠰᠢᠨᠵᠢ ᠲᠡᠮᠳᠡᠭ ᠮᠥᠨ᠃ ᠭᠡᠲᠡᠯ᠎ᠡ ᠲᠡᠮᠦᠵᠢᠨ᠂ ᠪᠣᠭᠣᠷᠴᠤ ᠶ᠋ᠢᠨ ᠠᠰᠠᠭᠤᠯᠲᠠ ᠶ᠋ᠢ ᠰᠢᠭᠤᠳ ᠬᠠᠷᠢᠭᠤᠯᠤᠭᠰᠠᠨ ᠦᠭᠡᠢ᠂ ᠬᠠᠷᠢᠨ ᠦᠬᠡᠷ ᠲᠤᠶᠠᠴᠢᠬᠤ ᠪᠠᠷ ᠦᠯᠢᠭᠡᠷᠯᠡᠵᠦ ᠲᠦᠮᠡᠨ ᠢ᠋ ᠬᠤᠷᠢᠶᠠᠵᠤ ᠲᠥᠷᠥ ᠶ᠋ᠢ ᠲᠣᠭᠲᠠᠭᠠᠬᠤ ᠳ᠋ᠤ᠌ ᠭᠠᠭᠴᠠ ᠢᠳᠡ ᠬᠦᠴᠦᠨ ᠳ᠋ᠦ᠍ ᠲᠦᠰᠢᠭᠯᠡᠬᠦ ᠪᠢᠰᠢ᠂ ᠬᠠᠷᠢᠨ ᠢᠲᠡᠭᠡᠯ ᠡᠷᠳᠡᠮ ᠬᠣᠶᠠᠷ ᠲᠤ᠌ ᠲᠦᠰᠢᠳᠡᠭ ᠭᠡᠳᠡᠭ ᠭᠦᠨ ᠶᠣᠰᠣ ᠶ᠋ᠢ ᠰᠠᠢᠬᠠᠨ ᠲᠠᠢᠯᠪᠤᠷᠢᠯᠠᠪᠠ᠃ ᠡᠭᠦᠨ ᠡᠴᠡ ᠲᠡᠮᠦᠵᠢᠨ ᠪᠣᠯ ᠬᠣᠯᠠ ᠣᠢᠷ᠎ᠠ ᠶ᠋ᠢ ᠬᠣᠷᠢᠶᠠᠨ ᠲᠣᠭᠲᠠᠭᠠᠬᠤ ᠬᠣᠣᠰ ᠦᠭᠡᠢ ᠮᠡᠷᠭᠡᠨ ᠬᠠᠭᠠᠨ ᠰᠠᠭᠤᠬᠤ ᠣᠢ ᠪᠢᠯᠢᠭ᠂ ᠤᠬᠠᠭᠠᠨ ᠪᠣᠳᠣᠯᠭ᠎ᠠ᠂ ᠡᠷᠳᠡᠮ ᠴᠢᠳᠠᠪᠤᠷᠢ ᠲᠠᠢ ᠬᠥᠮᠦᠨ ᠪᠣᠯᠬᠤ ᠨᠢ ᠮᠡᠳᠡᠭᠳᠡᠪᠡ᠃ ᠪᠣᠭᠣᠷᠴᠤ ᠤᠤᠯ ᠨᠢ ᠲᠡᠮᠦᠵᠢᠨ ᠢ᠋ ᠰᠠᠢᠨ ᠣᠢᠯᠠᠭᠠᠬᠤ ᠦᠭᠡᠢ ᠪᠠᠢᠵᠠᠢ᠂ ᠲᠡᠮᠦᠵᠢᠨ ᠦ᠌ ᠦᠬᠡᠷ ᠲᠤᠶᠠᠴᠢᠬᠤ ᠪᠠᠷ ᠦᠯᠢᠭᠡᠷᠯᠡᠵᠦ ᠦᠨᠡᠨ ᠶᠣᠰᠣᠨ ᠢ᠋ ᠲᠠᠢᠯᠪᠤᠷᠢᠯᠠᠭᠰᠠᠨ ᠢ᠋ ᠰᠣᠨᠣᠰᠤᠭᠠᠳ ᠰᠡᠳᠬᠢᠯ ᠨᠢ ᠰᠡᠬᠡᠭᠡᠷᠡᠨ ᠦᠨᠡᠨ ᠵᠢᠷᠦᠬᠡᠨ ᠡᠴᠡ ᠪᠡᠨ ᠪᠢᠰᠢᠷᠡᠨ ᠬᠦᠨᠳᠦᠳᠬᠡᠬᠦ ᠰᠡᠳᠬᠢᠯ ᠲᠥᠷᠥᠵᠦ᠂ ᠪᠡᠶ᠎ᠡ ᠮᠡᠬᠦᠢᠨ ᠰᠥᠭᠥᠳᠦᠨ ᠳᠠᠭᠠᠵᠤ᠂ ᠪᠠᠭᠠᠲᠤᠷ ᠴᠢᠩᠭᠢᠰ ᠬᠠᠭᠠᠨ ᠤ᠋ ᠲᠤᠯᠭᠤᠷ ᠲᠥᠷᠥ ᠪᠠᠢᠭᠤᠯᠤᠭᠰᠠᠨ ᠳᠥᠷᠪᠡᠨ ᠬᠦᠯᠦᠭ ᠦ᠋ᠨ ᠨᠢᠭᠡ ᠨᠢ ᠪᠣᠯᠵᠠᠢ᠃
ᠡᠨᠡ ᠮᠡᠲᠦ ᠪᠡᠷ ᠪᠢᠳᠡ ᠵᠣᠬᠢᠶᠠᠯ ᠤᠩᠰᠢᠬᠤ ᠳ᠋ᠠᠭᠠᠨ ᠨᠢᠭᠡᠨ ᠲᠠᠯ᠎ᠠ ᠪᠠᠷ ᠤᠩᠰᠢᠵᠤ᠂ ᠨᠥᠬᠥᠭᠡ ᠲᠠᠯ᠎ᠠ ᠪᠠᠷ ᠰᠡᠳᠬᠢᠵᠦ᠂ ᠪᠦᠬᠦ ᠵᠣᠬᠢᠶᠠᠯ ᠢ᠋ ᠤᠩᠰᠢᠵᠤ ᠪᠠᠷᠠᠭᠰᠠᠨ ᠤ᠋ ᠰᠡᠭᠦᠯᠡᠷ ᠡᠮᠦᠨ᠎ᠡ ᠬᠣᠢᠨᠠᠬᠢ ᠶ᠋ᠢ ᠨᠢ ᠬᠣᠯᠪᠣᠨ ᠪᠣᠳᠣᠵᠤ ᠦᠵᠡᠬᠦ ᠬᠡᠷᠡᠭᠲᠡᠢ᠃
ᠵᠠᠷᠢᠮ ᠬᠥᠮᠦᠨ ᠨᠣᠮ ᠤᠩᠰᠢᠬᠤ ᠳ᠋ᠠᠭᠠᠨ ᠶᠡᠷᠦ ᠡᠴᠡ ᠰᠡᠳᠬᠢᠯ ᠲᠠᠯᠪᠢᠳᠠᠭ ᠦᠭᠡᠢ᠂ ᠬᠠᠰᠢ ᠶᠠᠰᠢ ᠤᠩᠰᠢᠭᠠᠳ ᠥᠩᠭᠡᠷᠡᠳᠡᠭ᠃ ᠲᠠᠷᠢᠬᠢ ᠵᠠᠷᠤᠵᠤ ᠪᠣᠳᠣᠯᠬᠢᠯᠠᠬᠤ ᠦᠭᠡᠢ ᠶᠦ᠍ᠮ ᠪᠣᠯ ᠰᠠᠢᠨ ᠦᠷ᠎ᠡ ᠪᠦᠲᠦᠭᠡᠯ ᠣᠯᠵᠤ ᠴᠢᠳᠠᠬᠤ ᠦᠭᠡᠢ ᠨᠢ ᠮᠡᠳᠡᠭᠡᠵᠢ ᠶ᠋ᠢᠨ ᠬᠡᠷᠡᠭ᠃ ᠵᠢᠱ᠌ᠢᠶᠡᠯᠡᠪᠡᠯ《ᠰᠡᠴᠡᠨ ᠪᠠᠯᠭᠠᠨᠰᠠᠩ》ᠭᠡᠳᠡᠭ ᠦᠯᠢᠭᠡᠷ ᠢ᠋ ᠤᠩᠰᠢᠭᠠᠳ ᠵᠥᠪᠬᠡᠨ ᠲᠡᠭᠦᠨ ᠦ᠌ ᠱᠣᠭ ᠢᠨᠢᠶᠡᠳᠦᠮ ᠳ᠋ᠦ᠍ᠨᠢ ᠪᠠᠶᠠᠷᠯᠠᠵᠤ ᠥᠩᠭᠡᠷᠡᠭᠡᠳ᠂ ᠲᠡᠷᠡ ᠦᠯᠢᠭᠡᠷ ᠨᠢ ᠴᠣᠬᠣᠮ ᠶᠠᠮᠠᠷ ᠶᠣᠰᠣ ᠤᠴᠢᠷ ᠢ᠋ ᠪᠢᠳᠡᠨ ᠳ᠋ᠦ᠍ ᠶᠠᠷᠢᠵᠤ ᠥᠭᠭᠦᠭᠰᠡᠨ ᠪᠣᠢ᠂ ᠪᠢᠳᠡ ᠲᠡᠭᠦᠨ ᠡᠴᠡ ᠶᠠᠮᠠᠷ ᠰᠡᠩᠬᠡᠷᠡᠭᠦᠯᠦᠯ ᠣᠯᠪᠠᠯ ᠵᠣᠬᠢᠬᠤ ᠪᠣᠢ᠂ ᠲᠡᠷᠡ ᠨᠢ ᠪᠢᠳᠡᠨ ᠳ᠋ᠦ᠍ ᠶᠠᠮᠠᠷ ᠠᠴᠢ ᠲᠤᠰᠠ ᠲᠠᠢ ᠪᠣᠢ ᠭᠡᠵᠦ ᠪᠣᠳᠣᠯᠬᠢᠯᠠᠬᠤ ᠦᠭᠡᠢ ᠪᠣᠯ ᠨᠣᠮ ᠤᠩᠰᠢᠭᠰᠠᠨ ᠰᠢᠮ᠎ᠡ ᠲᠡᠵᠢᠭᠡᠯ ᠢ᠋ ᠬᠦᠷᠲᠡᠵᠦ ᠴᠢᠳᠠᠬᠤ ᠦᠭᠡᠢ ᠶᠦ᠍ᠮ᠃
※ᠢᠷᠡᠯᠲᠡ ᠄
ᠠᠯᠪᠠᠨ ᠵᠢᠷᠤᠮ ᠤ᠋ᠨ ᠲᠠᠪᠤᠨ ᠵᠢᠯ ᠦ᠋ᠨ ᠳᠦᠷᠢᠮᠲᠦ ᠪᠠᠭ᠎ᠠ ᠰᠤᠷᠭᠠᠭᠤᠯᠢ ᠳ᠋ᠤ᠌ ᠦᠵᠡᠬᠦ
ᠬᠡᠯᠡ ᠪᠢᠴᠢᠭ ᠳᠣᠯᠣᠳᠤᠭᠠᠷ ᠳᠡᠪᠲᠡᠷ
ᠥᠪᠥᠷ ᠮᠣᠩᠭᠣᠯ ᠤ᠋ᠨ ᠰᠤᠷᠭᠠᠨ ᠬᠥᠮᠦᠵᠢᠯ ᠦ᠋ᠨ ᠬᠡᠪᠯᠡᠯ ᠦ᠋ᠨ ᠬᠣᠷᠢᠶ᠎ᠠ ᠨᠠᠢᠷᠠᠭᠤᠯᠤᠨ ᠬᠡᠪᠯᠡᠭᠦᠯᠪᠡ
ᠥᠪᠥᠷ ᠮᠣᠩᠭᠣᠯ ᠤ᠋ᠨ ᠰᠢᠨᠬᠤᠸᠠ ᠨᠣᠮ ᠤ᠋ᠨ ᠳᠡᠯᠭᠡᠭᠦᠷ ᠲᠠᠷᠬᠠᠭᠠᠪᠠ
ᠥᠪᠥᠷ ᠮᠣᠩᠭᠣᠯ ᠤ᠋ᠨ ᠰᠤᠷᠭᠠᠨ ᠬᠥᠮᠦᠵᠢᠯ ᠦ᠋ᠨ ᠬᠡᠪᠯᠡᠬᠦ ᠦᠢᠯᠡᠳᠪᠦᠷᠢ ᠬᠡᠪᠯᠡᠪᠡ
1991 ᠣᠨ ᠤ᠋ 3 ᠰᠠᠷ᠎ᠠ ᠳ᠋ᠤ᠌ ᠠᠩᠬᠠᠳᠤᠭᠠᠷ ᠬᠡᠪ ᠢ᠋ ᠬᠢᠪᠡ
1993 ᠣᠨ ᠤ᠋ 4 ᠰᠠᠷ᠎ᠠ ᠳ᠋ᠤ᠌ ᠭᠤᠷᠪᠠᠳᠤᠭᠠᠷ ᠤᠳᠠᠭ᠎ᠠ ᠬᠡᠪᠯᠡᠪᠡ᠃
ᠦᠨ᠎ᠡ᠄1.40 ᠲᠥᠭᠥᠷᠢᠭ
ᠦᠰᠦᠭ ᠠᠮᠢᠯᠠᠭᠤᠯᠤᠭᠴᠢ᠄ ᠳ· ᠣᠶᠤᠨᠴᠡᠴᠡᠭ
ᠬᠢᠨᠠᠭᠴᠢ᠄ ᠪᠦᠷᠢᠨᠴᠡᠴᠡᠭ᠂ ᠨᠠᠷᠠᠨᠰᠤᠶᠤᠯ
