ᠤᠩᠰᠢᠯᠬ᠋ᠠ ᠪᠢᠴᠢᠯᠭᠡ ᠶ᠋ᠢᠨ ᠲᠤᠰᠠᠯᠠᠮᠵᠢ 2 ( ᠬᠡᠯᠡ ᠪᠢᠴᠢᠭ – ᠳᠣᠯᠣᠳᠤᠭᠠᠷ ᠳᠡᠪᠲᠡᠷ) Уншилх бичлэгийн тусламж 2( Хэл бичиг – Долдугар дэвтэр)
ᠤᠩᠰᠢᠯᠬ᠋ᠠ ᠪᠢᠴᠢᠯᠭᠡ ᠶ᠋ᠢᠨ ᠲᠤᠰᠠᠯᠠᠮᠵᠢ < ᠬᠣᠶᠠᠷ >
ᠶᠠᠭᠠᠬᠢᠪᠠᠯ ᠵᠣᠬᠢᠶᠠᠨ ᠪᠢᠴᠢᠯᠭᠡ ᠳ᠋ᠦ᠍ ᠤᠷᠮ᠎ᠠ ᠲᠠᠢ ᠪᠣᠯᠬᠤ ᠪᠣᠢ
ᠵᠠᠷᠢᠮ ᠨᠥᠬᠥᠳ ᠵᠣᠬᠢᠶᠠᠯ ᠪᠢᠴᠢᠬᠦ ᠡᠴᠡ ᠠᠶᠤᠳᠠᠭ ᠃ ᠶᠠᠭᠠᠬᠢᠭᠠᠳ ᠠᠶᠤᠳᠠᠭ ᠢ᠋ ᠨᠢ ᠠᠰᠠᠭᠤᠪᠠᠯ ᠂ ᠲᠠᠷᠢᠬᠢᠨ ᠳᠣᠲᠣᠷ᠎ᠠ ᠨᠢ ᠬᠣᠪ ᠬᠣᠭᠣᠰᠣᠨ᠂ ᠪᠢᠴᠢᠬᠦ ᠶᠠᠭᠤᠮ᠎ᠠ ᠪᠠᠢᠬᠤ ᠦᠭᠡᠢ ᠭᠡᠨ᠎ᠡ ᠃ ᠡᠨᠡ ᠠᠰᠠᠭᠤᠳᠠᠯ ᠢ᠋ ᠶᠠᠭᠠᠬᠢᠵᠤ ᠰᠢᠢᠳᠪᠦᠷᠢᠯᠡᠪᠡᠯ ᠵᠣᠬᠢᠬᠤ ᠪᠣᠢ?
ᠮᠠᠨ ᠤ᠋ ᠡᠳᠦᠷ ᠲᠤᠲᠤᠮ ᠤ᠋ᠨ ᠠᠮᠢᠳᠤᠷᠠᠯ ᠳ᠋ᠤ᠌ ᠦᠵᠡᠭᠰᠡᠨ᠂ ᠰᠣᠨᠣᠰᠤᠭᠰᠠᠨ ᠵᠦᠢᠯ ᠦ᠋ᠳ ᠪᠢᠳᠡᠨ ᠳ᠋ᠦ᠍ ᠶᠡᠷᠦ ᠨᠢ ᠡᠳᠦᠢ ᠲᠡᠳᠦᠢ ᠰᠠᠭᠤᠭᠳᠠᠯ ᠥᠭᠳᠡᠭ ᠪᠢᠯᠡ᠃ ᠵᠠᠷᠢᠮ ᠨᠢᠭᠡ ᠶᠠᠪᠤᠳᠠᠯ ᠨᠢ ᠣᠨᠴᠠ ᠭᠦᠨ ᠰᠠᠭᠤᠭᠳᠠᠯ ᠲᠠᠢ ᠲᠤᠯᠠ ᠤᠷᠲᠤ ᠬᠤᠭᠤᠴᠠᠭ᠎ᠠ ᠮᠠᠷᠲᠠᠬᠤ ᠦᠭᠡᠢ ᠪᠠᠢᠳᠠᠭ᠃ ᠵᠠᠷᠢᠮ ᠶᠠᠪᠤᠳᠠᠯ ᠨᠢ ᠡᠬᠢᠨ ᠳ᠋ᠡᠭᠡᠨ ᠳᠡᠮᠡᠢ ᠶᠡᠬᠡ ᠰᠠᠭᠤᠭᠳᠠᠯ ᠦᠭᠡᠢ ᠴᠦ᠍ ᠨᠠᠷᠢᠯᠢᠭ ᠠᠵᠢᠭᠯᠠᠨ ᠬᠢᠴᠢᠶᠡᠨ ᠰᠣᠨᠣᠰᠴᠤ ᠂ ᠳᠠᠬᠢᠨ ᠪᠠᠰᠠ ᠰᠡᠳᠬᠢᠨ ᠪᠣᠳᠣᠯᠬᠢᠯᠠᠪᠠᠯ ᠭᠦᠨ ᠰᠠᠭᠤᠭᠳᠠᠯ ᠲᠠᠢ ᠪᠣᠯᠳᠠᠭ ᠶᠤᠮ᠃ ᠡᠢᠮᠦ ᠰᠠᠭᠤᠭᠳᠠᠯ ᠪᠢᠳᠡᠨ ᠦ᠌ ᠲᠠᠷᠢᠬᠢᠨ ᠳ᠋ᠤ᠌ ᠣᠯᠠᠨ ᠪᠣᠯᠪᠠᠯ᠂ ᠵᠣᠬᠢᠶᠠᠨ ᠪᠢᠴᠢᠬᠦ ᠦᠶ᠎ᠡ ᠳ᠋ᠦ᠍ ᠪᠢᠴᠢᠬᠦ ᠶᠠᠭᠤᠮ᠎ᠠ ᠪᠠᠨ ᠣᠯᠬᠤ ᠦᠭᠡᠢ ᠭᠡᠵᠦ ᠵᠣᠪᠠᠬᠤ ᠦᠭᠡᠢ ᠪᠣᠯᠤᠨ᠎ᠠ᠃ ᠡᠢᠮᠦ ᠡᠴᠡ ᠵᠣᠬᠢᠶᠠᠯ ᠪᠢᠴᠢᠬᠦ ᠳ᠋ᠦ᠍ ᠪᠠᠬᠠᠲᠠᠢ ᠪᠣᠯᠵᠤ ᠵᠣᠬᠢᠶᠠᠨ ᠪᠢᠴᠢᠯᠭᠡ ᠪᠡᠨ ᠰᠠᠢᠨ ᠪᠣᠯᠭᠠᠶ᠎ᠠ ᠭᠡᠪᠡᠯ ᠂ ᠶᠡᠷᠦ ᠶ᠋ᠢᠨ ᠴᠠᠭ ᠲᠠᠭᠠᠨ ᠢᠯᠡᠭᠦᠦ ᠠᠵᠢᠵᠤ᠂ ᠢᠯᠡᠭᠦᠦ ᠰᠣᠨᠣᠰᠤᠨ᠂ ᠢᠯᠡᠭᠦᠦ ᠪᠣᠳᠣᠬᠤ ᠵᠠᠩᠰᠢᠯ ᠲᠠᠢ ᠪᠣᠯᠬᠤ ᠬᠡᠷᠡᠭᠲᠡᠢ᠃
ᠪᠢᠳᠡ 《 ᠪᠢᠴᠢᠬᠠᠨ < ᠠᠵᠢᠯᠴᠢᠳ>》 ᠭᠡᠳᠡᠭ ᠬᠢᠴᠢᠶᠡᠯ ᠢ᠋ᠶ᠋ᠡᠷ ᠵᠢᠱ᠌ᠢᠶᠡᠯᠡᠵᠦ ᠦᠵᠡᠶ᠎ᠡ᠃ ᠵᠣᠬᠢᠶᠠᠭᠴᠢ ᠣᠢ ᠪᠠᠷ ᠵᠤᠭᠠᠯᠠᠬᠤ ᠳ᠋ᠠᠭᠠᠨ ᠬᠡᠦᠬᠡᠳ ᠦ᠋ᠨ ᠳᠠᠭᠤᠨ ᠢ᠋ ᠰᠣᠨᠣᠰᠴᠤ᠂ ᠬᠡᠦᠬᠡᠳ ᠮᠣᠳᠣᠨ ᠤ᠋ ᠮᠥᠴᠢᠷ ᠬᠤᠭᠤᠴᠢᠵᠤ ᠪᠠᠢᠭ᠎ᠠ ᠪᠣᠯᠪᠠ ᠤᠤ᠂ ᠡᠰᠡᠬᠦᠯ᠎ᠡ ᠮᠣᠳᠣ ᠠᠪᠠᠷᠢᠵᠤ ᠪᠠᠢᠭᠠᠳ ᠤᠨᠠᠴᠢᠬᠠᠬᠤ ᠪᠣᠯᠪᠠ ᠤᠤ ᠭᠡᠵᠦ ᠪᠣᠳᠣᠨ ᠲᠡᠷᠡ ᠵᠦᠭ ᠣᠴᠢᠵᠠᠢ᠃ ᠲᠡᠭᠡᠬᠦ ᠳ᠋ᠦ᠍ ᠬᠡᠦᠬᠡᠳ ᠨᠤᠮᠤ ᠰᠤᠮᠤ ᠤᠷᠠᠯᠠᠵᠤ ᠰᠠᠭᠤᠵᠤ ᠪᠠᠢᠵᠠᠢ᠃ ᠡᠨᠡ ᠪᠣᠯ ᠬᠥᠮᠦᠰ ᠦ᠋ᠨ ᠠᠩᠬᠠᠷᠤᠯ ᠢ᠋ ᠦᠯᠦ ᠲᠠᠲᠠᠬᠤ ᠡᠩ ᠦ᠋ᠨ ᠶᠠᠪᠤᠳᠠᠯ ᠲᠤᠯᠠ ᠬᠢᠯᠪᠠᠷ ᠣᠮᠲᠣᠭᠠᠢᠯᠠᠵᠤ ᠪᠣᠯᠬᠤ ᠶᠤᠮ᠃ ᠭᠡᠪᠡᠴᠦ ᠵᠣᠬᠢᠶᠠᠭᠴᠢ ᠢᠯᠡᠭᠦᠦ ᠠᠵᠢᠵᠤ᠂ ᠢᠯᠡᠭᠦᠦ ᠰᠣᠨᠣᠰᠤᠨ᠂ ᠢᠯᠡᠭᠦᠦ ᠪᠣᠳᠣᠳᠠᠭ ᠵᠠᠩᠰᠢᠯ ᠲᠠᠢ ᠪᠠᠢᠭᠰᠠᠨ ᠲᠤᠯᠠ ᠡᠨᠡ ᠬᠡᠦᠬᠡᠳ ᠮᠣᠳᠣᠨ ᠤ᠋ ᠮᠥᠴᠢᠷ ᠬᠤᠭᠤᠴᠢᠬᠤ ᠠᠯᠢᠶ᠎ᠠ ᠬᠡᠦᠬᠡᠳ ᠪᠢᠰᠢ ᠪᠠᠢᠭᠰᠠᠨ ᠢ᠋ ᠠᠵᠢᠵᠤ ᠮᠡᠳᠡᠪᠡ᠃ ᠡᠨᠡ ᠨᠢ ᠵᠣᠬᠢᠶᠠᠭᠴᠢ ᠳ᠋ᠤ᠌ ᠲᠡᠢᠮᠦ ᠴᠦ᠍ ᠭᠦᠨ ᠰᠠᠭᠤᠭᠳᠠᠯ ᠥᠭᠭᠦᠭᠰᠡᠨ ᠦᠭᠡᠢ᠃ ᠭᠡᠪᠡᠴᠦ ᠬᠡᠦᠬᠡᠳ ᠦ᠋ᠨ ᠳᠡᠷᠭᠡᠳᠡ ᠬᠤᠪᠢᠩ ᠳᠦᠭᠦᠷᠡᠩ ᠴᠥᠮᠥᠭᠰᠡᠨ ᠰᠠᠮᠤᠷ ᠲᠠᠯᠪᠢᠵᠤ ᠪᠠᠢᠭ᠎ᠠ ᠨᠢ ᠵᠣᠬᠢᠶᠠᠭᠴᠢ ᠶ᠋ᠢᠨ ᠠᠩᠬᠠᠷᠤᠯ ᠢ᠋ ᠶᠡᠬᠡ ᠲᠠᠲᠠᠭᠰᠠᠨ ᠪᠠᠢᠨ᠎ᠠ᠂《 ᠶᠠᠭᠠᠬᠢᠭᠠᠳ ᠡᠢᠮᠦ ᠠᠷᠪᠢᠨ ᠰᠠᠮᠤᠷ ᠴᠥᠮᠥᠭᠰᠡᠨ ᠶᠦ᠍ᠮ ᠪᠣᠢ?》 ᠭᠡᠵᠦ ᠵᠣᠬᠢᠶᠠᠭᠴᠢ ᠪᠣᠳᠣᠯ᠎ᠠ᠂ ᠲᠡᠭᠡᠭᠡᠳ ᠠᠰᠠᠭᠤᠲᠠᠯ᠎ᠠ ᠵᠣᠬᠢᠶᠠᠭᠴᠢ ᠶ᠋ᠢᠨ ᠲᠣᠯᠣᠭᠠᠢ ᠳᠡᠭᠡᠷ᠎ᠡᠡᠴᠡ ᠨᠢᠳᠤᠷᠭ᠎ᠠ ᠶ᠋ᠢᠨ ᠴᠢᠨᠡᠭᠡ ᠪᠣᠷᠭᠣᠴᠠᠢ ᠤᠨᠠᠪᠠ᠃ ᠡᠨᠡ ᠨᠢ ᠵᠣᠬᠢᠶᠠᠭᠴᠢ ᠶ᠋ᠢ ᠭᠠᠢᠬᠠᠭᠤᠯᠤᠨ ᠰᠣᠴᠢᠭᠠᠵᠤ ᠮᠣᠳᠣᠨ ᠳᠡᠭᠡᠷ᠎ᠡ ᠪᠠᠰᠠ ᠨᠢᠭᠡ ᠬᠡᠦᠬᠡᠳ ᠪᠠᠢᠭ᠎ᠠ ᠭᠡᠵᠦ ᠪᠣᠳᠣᠵᠠᠢ᠂ ᠭᠡᠲᠡᠯ᠎ᠡ ᠮᠣᠳᠣᠨ ᠳᠡᠭᠡᠷ᠎ᠡ ᠬᠡᠦᠬᠡᠳ ᠪᠠᠢᠭᠰᠠᠨ ᠦᠭᠡᠢ ᠬᠠᠷᠢᠨ ᠮᠠᠰᠢ ᠣᠯᠠᠨ ᠬᠡᠷᠡᠮᠦ ᠪᠠᠢᠪᠠ᠃ ᠡᠨᠡ ᠨᠢ ᠵᠣᠬᠢᠶᠠᠭᠴᠢ ᠶ᠋ᠢᠨ ᠠᠩᠬᠠᠷᠤᠯ ᠢ᠋ ᠨᠡᠩ ᠶᠡᠬᠡ ᠲᠠᠲᠠᠵᠤ᠂ ᠰᠣᠨᠢᠨ ᠪᠣᠯᠭᠠᠵᠤ ᠬᠡᠦᠬᠡᠳ ᠲᠦ᠍ ᠬᠡᠯᠡᠬᠦ ᠭᠡᠲᠡᠯ᠎ᠡ ᠬᠡᠦᠬᠡᠳ ᠬᠠᠷᠢᠨ ᠲᠡᠭᠦᠨ ᠳ᠋ᠦ᠍《᠁ ᠬᠣᠯᠠᠳᠤᠭᠠᠷᠠᠢ᠂ ᠮᠢᠨᠦ ᠬᠡᠷᠡᠮᠦ ᠨᠦ᠍ᠭᠦᠳ ᠦ᠋ᠨ ᠠᠵᠢᠯ ᠤ᠋ᠨ ᠴᠠᠭ ᠡᠬᠢᠯᠡᠴᠢᠬᠡᠯ᠎ᠡ》 ᠭᠡᠵᠦ ᠰᠣᠨᠢᠨ ᠶᠠᠭᠤᠮ᠎ᠠ ᠬᠡᠯᠡᠪᠡ᠃ ᠲᠡᠭᠡᠬᠦ ᠳ᠋ᠦ᠍ ᠵᠣᠬᠢᠶᠠᠭᠴᠢ ᠨᠡᠩ ᠶᠡᠬᠡ ᠭᠠᠢᠬᠠᠰᠢ ᠠᠯᠳᠠᠵᠤ᠂ ᠬᠡᠷᠡᠮᠦ ᠨᠦ᠍ᠭᠦᠳ ᠦ᠋ᠨ《 ᠠᠵᠢᠯᠯᠠᠬᠤ》 ᠶ᠋ᠢ ᠬᠦᠷᠲᠡᠨ ᠭᠠᠢᠬᠠᠨ ᠪᠠᠢᠭᠰᠠᠨ ᠪᠠ ᠬᠡᠦᠬᠡᠳ ᠬᠡᠷᠡᠮᠦ ᠨᠦ᠍ᠭᠦᠳ ᠢ᠋ ᠦᠵᠦᠮ ᠢ᠋ᠶ᠋ᠡᠷ ᠱᠠᠩᠨᠠᠵᠤ᠂ ᠳᠤᠭᠤᠯᠭᠠᠷ ᠲᠠᠢ《 ᠠᠵᠢᠯᠯᠠᠭᠤᠯᠵᠤ》 ᠪᠠᠢᠭ᠎ᠠ ᠶ᠋ᠢ ᠰᠣᠨᠢᠷᠬᠠᠨ ᠬᠡᠦᠬᠡᠳ ᠲᠡᠢ ᠶᠠᠷᠢᠯᠴᠠᠵᠤ ᠤᠭ ᠤᠴᠢᠷ ᠢ᠋ ᠣᠢᠯᠠᠭᠠᠵᠠᠢ᠃
ᠡᠨᠡ ᠶᠠᠪᠤᠳᠠᠯ ᠢ᠋ ᠵᠣᠬᠢᠶᠠᠯ ᠪᠣᠯᠭᠠᠨ ᠪᠢᠴᠢᠪᠡᠯ ᠶᠠᠭᠠᠬᠢᠭᠰᠠᠨ ᠠᠰᠢᠲᠠᠢ ᠪᠣᠢ! ᠵᠣᠬᠢᠶᠠᠭᠴᠢ ᠲᠡᠷᠡ ᠲᠤᠬᠠᠢ ᠳ᠋ᠤ᠌ ᠬᠡᠷᠪᠡ ᠡᠨᠡ ᠰᠣᠨᠢᠨ ᠦᠵᠡᠭᠳᠡᠯ ᠢ᠋ ᠰᠣᠨᠢᠷᠬᠠᠭᠠᠳ ᠯᠠ ᠠᠰᠠᠭᠤᠵᠤ ᠠᠵᠢᠬᠤ ᠦᠭᠡᠢ ᠪᠡᠷ ᠡᠢᠨ ᠬᠦ᠌ ᠰᠠᠢᠬᠠᠨ ᠪᠢᠴᠢᠵᠦ ᠪᠣᠯᠬᠤᠢᠴᠠ ᠵᠦᠢᠯ ᠢ᠋ ᠲᠠᠯᠠᠭᠠᠷ ᠥᠩᠭᠡᠷᠡᠭᠦᠯᠦᠭᠰᠡᠨ ᠪᠣᠯ ᠳᠠᠩᠴᠢ ᠬᠠᠢᠷᠠᠨ ᠪᠢᠰᠢ ᠦᠦ!
ᠡᠩ ᠦ᠋ᠨ ᠴᠠᠭ ᠲᠠᠭᠠᠨ ᠡᠨᠡ ᠮᠡᠲᠦ ᠠᠵᠢᠭᠯᠠᠵᠤ᠂ ᠢᠯᠡᠭᠦᠦ ᠰᠣᠨᠣᠰᠴᠤ᠂ ᠢᠯᠡᠭᠦᠦ ᠪᠣᠳᠣᠯᠬᠢᠯᠠᠳᠠᠭ ᠯᠠ ᠶᠤᠮ ᠪᠣᠯ ᠪᠢᠴᠢᠵᠦ ᠪᠣᠯᠤᠮᠠᠷ ᠠᠭᠤᠯᠭ᠎ᠠ ᠮᠤᠩᠳᠠᠬᠤ ᠦᠭᠡᠢ ᠶᠦ᠍ᠮ᠃
※ᠢᠷᠡᠯᠲᠡ ᠄
ᠠᠯᠪᠠᠨ ᠵᠢᠷᠤᠮ ᠤ᠋ᠨ ᠲᠠᠪᠤᠨ ᠵᠢᠯ ᠦ᠋ᠨ ᠳᠦᠷᠢᠮᠲᠦ ᠪᠠᠭ᠎ᠠ ᠰᠤᠷᠭᠠᠭᠤᠯᠢ ᠳ᠋ᠤ᠌ ᠦᠵᠡᠬᠦ
ᠬᠡᠯᠡ ᠪᠢᠴᠢᠭ ᠳᠣᠯᠣᠳᠤᠭᠠᠷ ᠳᠡᠪᠲᠡᠷ
ᠥᠪᠥᠷ ᠮᠣᠩᠭᠣᠯ ᠤ᠋ᠨ ᠰᠤᠷᠭᠠᠨ ᠬᠥᠮᠦᠵᠢᠯ ᠦ᠋ᠨ ᠬᠡᠪᠯᠡᠯ ᠦ᠋ᠨ ᠬᠣᠷᠢᠶ᠎ᠠ ᠨᠠᠢᠷᠠᠭᠤᠯᠤᠨ ᠬᠡᠪᠯᠡᠭᠦᠯᠪᠡ
ᠥᠪᠥᠷ ᠮᠣᠩᠭᠣᠯ ᠤ᠋ᠨ ᠰᠢᠨᠬᠤᠸᠠ ᠨᠣᠮ ᠤ᠋ᠨ ᠳᠡᠯᠭᠡᠭᠦᠷ ᠲᠠᠷᠬᠠᠭᠠᠪᠠ
ᠥᠪᠥᠷ ᠮᠣᠩᠭᠣᠯ ᠤ᠋ᠨ ᠰᠤᠷᠭᠠᠨ ᠬᠥᠮᠦᠵᠢᠯ ᠦ᠋ᠨ ᠬᠡᠪᠯᠡᠬᠦ ᠦᠢᠯᠡᠳᠪᠦᠷᠢ ᠬᠡᠪᠯᠡᠪᠡ
1991 ᠣᠨ ᠤ᠋ 3 ᠰᠠᠷ᠎ᠠ ᠳ᠋ᠤ᠌ ᠠᠩᠬᠠᠳᠤᠭᠠᠷ ᠬᠡᠪ ᠢ᠋ ᠬᠢᠪᠡ
1993 ᠣᠨ ᠤ᠋ 4 ᠰᠠᠷ᠎ᠠ ᠳ᠋ᠤ᠌ ᠭᠤᠷᠪᠠᠳᠤᠭᠠᠷ ᠤᠳᠠᠭ᠎ᠠ ᠬᠡᠪᠯᠡᠪᠡ᠃
ᠦᠨ᠎ᠡ᠄1.40 ᠲᠥᠭᠥᠷᠢᠭ
ᠦᠰᠦᠭ ᠠᠮᠢᠯᠠᠭᠤᠯᠤᠭᠰᠠᠨ ᠨᠢ᠄ ᠪᠦᠷᠢᠨᠴᠡᠴᠡᠭ
ᠦᠰᠦᠭ ᠬᠢᠨᠠᠭᠰᠠᠨ ᠨᠢ᠄ ᠳ·ᠣᠶᠤᠨᠴᠡᠴᠡᠭ ᠂ ᠣᠳᠣᠨᠬᠤᠸᠠᠷ
