ᠤᠩᠰᠢᠯᠬ᠋ᠠ ᠪᠢᠴᠢᠯᠭᠡ ᠶ᠋ᠢᠨ ᠲᠤᠰᠠᠯᠠᠮᠵᠢ 1 ( ᠬᠡᠯᠡ ᠪᠢᠴᠢᠭ – ᠳᠣᠯᠣᠳᠤᠭᠠᠷ ᠳᠡᠪᠲᠡᠷ) Уншилх бичлэгийн тусламж 1( Хэл бичиг – Долдугар дэвтэр)
ᠤᠩᠰᠢᠯᠬ᠋ᠠ ᠪᠢᠴᠢᠯᠭᠡ ᠶ᠋ᠢᠨ ᠲᠤᠰᠠᠯᠠᠮᠵᠢ < ᠨᠢᠭᠡ >
ᠬᠢᠴᠢᠶᠡᠯ ᠢᠶᠠᠨ ᠬᠡᠷᠬᠢᠨ ᠤᠩᠰᠢᠵᠤ ᠣᠢᠯᠠᠭᠠᠬᠤ ᠪᠣᠢ
ᠪᠠᠭ᠎ᠠ ᠰᠤᠷᠭᠠᠭᠤᠯᠢ ᠶ᠋ᠢᠨ ᠳᠡᠭᠡᠳᠦ ᠣᠨ ᠤ᠋ ᠰᠤᠷᠤᠭᠴᠢᠳ ᠬᠢᠴᠢᠶᠡᠯ ᠢᠶᠠᠨ ᠤᠩᠰᠢᠵᠤ ᠣᠢᠯᠠᠭᠠᠬᠤ ᠡᠢᠮᠦ ᠬᠡᠳᠦᠨ ᠱᠠᠭᠠᠷᠳᠠᠯᠭ᠎ᠠ ᠲᠠᠢ ᠪᠠᠢᠳᠠᠭ᠄ ᠦᠭᠡᠰ ᠦ᠋ᠨ ᠤᠳᠬ᠎ᠠ ᠶ᠋ᠢ ᠮᠡᠳᠡᠬᠦ᠂ ᠥᠭᠦᠯᠡᠪᠦᠷᠢ ᠪᠦᠷᠢ ᠶ᠋ᠢ ᠣᠢᠯᠠᠭᠠᠬᠤ᠂ ᠬᠢᠴᠢᠶᠡᠯ ᠢᠶᠠᠨ ᠪᠦᠯᠦᠭ ᠬᠤᠪᠢᠶᠠᠵᠤ ᠪᠦᠯᠦᠭ ᠦ᠋ᠨ ᠠᠭᠤᠯᠭ᠎ᠠ ᠶ᠋ᠢ ᠬᠤᠷᠢᠶᠠᠩᠭᠤᠢᠯᠠᠵᠤ ᠴᠢᠳᠠᠬᠤ᠂ ᠬᠢᠴᠢᠶᠡᠯ ᠦ᠋ᠨ ᠭᠣᠣᠯ ᠠᠭᠤᠯᠭ᠎ᠠ ᠶ᠋ᠢ ᠣᠢᠯᠠᠭᠠᠵᠤ ᠴᠢᠳᠠᠬᠤ ᠵᠡᠷᠭᠡ ᠪᠣᠯᠤᠨ᠎ᠠ᠃ ᠪᠢᠳᠡ ᠬᠢᠴᠢᠶᠡᠯ ᠢᠶᠠᠨ ᠤᠩᠰᠢᠬᠤ ᠳ᠋ᠤ᠌ ᠡᠨᠡ ᠬᠡᠳᠦᠨ ᠲᠠᠯ᠎ᠠ ᠪᠠᠷ ᠰᠠᠢᠲᠤᠷ ᠠᠩᠬᠠᠷᠬᠤ ᠬᠡᠷᠡᠭᠲᠡᠢ᠃
ᠣᠳᠣ ᠪᠢᠳᠡ《ᠰᠢᠪᠠᠭᠤᠲᠤ ᠠᠷᠠᠯ》ᠭᠡᠳᠡᠭ ᠬᠢᠴᠢᠶᠡᠯ ᠢ᠋ᠶ᠋ᠡᠷ ᠵᠢᠱ᠌ᠢᠶᠡᠯᠡᠵᠦ ᠦᠵᠡᠶ᠎ᠡ᠃ ᠡᠬᠢᠯᠡᠭᠡᠳ ᠬᠢᠴᠢᠶᠡᠯ ᠢᠶᠠᠨ ᠨᠢᠭᠡ ᠤᠳᠠᠭ᠎ᠠ ᠤᠩᠰᠢᠵᠤ᠂ ᠮᠡᠳᠡᠬᠦ ᠦᠭᠡᠢ ᠦᠭᠡᠰ ᠢᠶᠠᠨ ᠲᠣᠯᠢ ᠪᠢᠴᠢᠭ ᠡᠴᠡ ᠡᠷᠢᠵᠦ ᠮᠡᠳᠡᠵᠦ ᠪᠣᠯᠤᠨ᠎ᠠ᠃ ᠨᠢᠭᠡ ᠤᠳᠠᠭ᠎ᠠ ᠤᠩᠰᠢᠭᠰᠠᠨ ᠤ᠋ ᠳᠠᠷᠠᠭ᠎ᠠ᠂ ᠰᠢᠪᠠᠭᠤᠲᠤ ᠠᠷᠠᠯ ᠬᠠᠮᠢᠭ᠎ᠠ ᠪᠠᠢᠳᠠᠭ᠂ ᠦᠢ ᠲᠦᠮᠡᠨ ᠰᠢᠪᠠᠭᠤ ᠴᠤᠭᠯᠠᠷᠠᠳᠠᠭ ᠢ᠋ᠶ᠋ᠠᠷ ᠨᠢ ᠰᠢᠪᠠᠭᠤᠲᠤ ᠠᠷᠠᠯ ᠭᠡᠵᠦ ᠨᠡᠷᠡᠯᠡᠭᠰᠡᠨ ᠢ᠋ ᠮᠡᠳᠡᠵᠦ ᠠᠪᠤᠨ᠎ᠠ᠃ ᠭᠡᠲᠡᠯ᠎ᠡ ᠡᠨᠡ ᠪᠣᠯ ᠠᠩᠬ᠎ᠠ ᠠᠯᠬᠤᠮ ᠤ᠋ᠨ ᠣᠢᠯᠠᠭᠠᠯᠲᠠ ᠶᠤᠮ᠃
ᠳᠠᠬᠢᠭᠠᠳ ᠤᠩᠰᠢᠬᠤ ᠳ᠋ᠠᠭᠠᠨ ᠦᠭᠡ ᠥᠭᠦᠯᠡᠪᠦᠷᠢ ᠨᠢᠭᠡ ᠪᠦᠷᠢ ᠶ᠋ᠢ ᠨᠢᠮᠪᠠᠢᠯᠠᠨ ᠯᠠᠪᠯᠠᠵᠤ᠂ ᠤᠳᠬ᠎ᠠ ᠶ᠋ᠢ ᠨᠢ ᠣᠢᠯᠠᠭᠠᠵᠤ ᠠᠪᠤᠨ᠎ᠠ᠃ ᠭᠡᠬᠦ ᠳ᠋ᠡᠭᠡᠨ ᠵᠠᠷᠢᠮ ᠦᠭᠡᠰ ᠢ᠋ ᠥᠭᠦᠯᠡᠪᠦᠷᠢ ᠲᠡᠢ ᠨᠢ ᠤᠶᠠᠯᠳᠤᠭᠤᠯᠵᠤ ᠦᠵᠡᠪᠡᠯ ᠤᠳᠬ᠎ᠠ ᠶ᠋ᠢ ᠨᠢ ᠨᠡᠩ ᠲᠣᠳᠣ ᠣᠢᠯᠠᠭᠠᠨ᠎ᠠ᠂ ᠵᠠᠷᠢᠮ ᠦᠭᠡᠰ ᠢ᠋ ᠳᠡᠭᠡᠷ᠎ᠡ ᠳᠣᠣᠷᠠᠬᠢ ᠥᠭᠦᠯᠡᠪᠦᠷᠢ ᠲᠡᠢ ᠨᠢ ᠬᠣᠯᠪᠣᠨ ᠦᠵᠡᠮᠡᠨᠵᠢᠨ ᠣᠢᠯᠠᠭᠠᠳᠠᠭ ᠶᠤᠮ᠃ ᠨᠢᠭᠡ ᠵᠦᠢᠯ ᠦ᠋ᠨ ᠤᠳᠬ᠎ᠠ ᠰᠠᠨᠠᠭ᠎ᠠ ᠶ᠋ᠢ ᠢᠯᠡᠳᠬᠡᠭᠰᠡᠨ ᠬᠡᠰᠡᠭ ᠢ᠋ ᠤᠩᠰᠢᠵᠤ ᠪᠠᠷᠠᠪᠠᠯ᠂ ᠡᠨᠡ ᠬᠡᠰᠡᠭ ᠲᠦ᠍ ᠶᠡᠷᠦᠩᠬᠡᠢ ᠳ᠋ᠡᠭᠡᠨ ᠶᠠᠭᠤ ᠶᠠᠷᠢᠭᠰᠠᠨ ᠭᠡᠳᠡᠭ ᠢ᠋ ᠪᠣᠳᠣᠯᠬᠢᠯᠠᠵᠤ ᠦᠵᠡᠨ᠎ᠡ᠃ ᠡᠨᠡ ᠮᠡᠲᠦ ᠬᠡᠰᠡᠭ ᠬᠡᠰᠡᠭ ᠢ᠋ᠶ᠋ᠡᠷ ᠤᠩᠰᠢᠵᠤ ᠠᠯᠬᠤᠮ ᠠᠯᠬᠤᠮ ᠢ᠋ᠶ᠋ᠠᠷ ᠭᠦᠨᠵᠡᠭᠡᠢᠷᠡᠨ᠂ ᠬᠢᠴᠢᠶᠡᠯ ᠢᠶᠠᠨ ᠤᠩᠰᠢᠵᠤ ᠪᠠᠷᠠᠭᠠᠳ ᠳᠠᠬᠢᠨ ᠡᠷᠭᠢᠴᠡᠭᠦᠯᠦᠨ ᠪᠣᠳᠣᠪᠠᠯ ᠨᠡᠯᠢᠶᠡᠳ ᠭᠦᠨ ᠣᠢᠯᠠᠭᠠᠯᠲᠠ ᠲᠠᠢ ᠪᠣᠯᠳᠠᠭ ᠶᠤᠮ᠃ ᠡᠨᠡ ᠬᠢᠴᠢᠶᠡᠯ ᠢ᠋ ᠤᠩᠰᠢᠵᠤ ᠪᠠᠷᠠᠭᠠᠳ ᠠᠯᠬᠤᠮ ᠠᠯᠬᠤᠮ ᠢ᠋ᠶ᠋ᠠᠷ ᠨᠠᠷᠢᠪᠴᠢᠯᠠᠨ ᠪᠣᠳᠣᠵᠤ ᠦᠵᠡᠪᠡᠯ ᠡᠢᠮᠦ ᠪᠠᠢᠨ᠎ᠠ᠄ ᠳᠡᠭᠡᠳᠦ ᠮᠣᠩᠭᠣᠯ ᠨᠤᠲᠤᠭ ᠲᠠᠢ ᠨᠢᠭᠡ ᠵᠢᠭᠠᠯ᠂ ᠬᠠᠪᠤᠷ ᠴᠠᠭ ᠲᠤ᠌ ᠠᠪᠤ ᠲᠠᠢ ᠪᠠᠨ ᠣᠩᠭᠣᠴᠠ ᠪᠠᠷ ᠰᠢᠪᠠᠭᠤᠲᠤ ᠠᠷᠠᠯ ᠳ᠋ᠤ᠌ ᠣᠴᠢᠵᠤ ᠪᠠᠢᠭ᠎ᠠ — ᠰᠢᠪᠠᠭᠤᠳ ᠤ᠋ᠨ ᠳᠣᠩᠭᠣᠳᠤᠨ ᠱᠠᠭᠰᠢᠯᠳᠤᠵᠤ᠂ ᠨᠠᠷᠠ ᠶ᠋ᠢ ᠬᠠᠯᠬᠠᠯᠠᠨ ᠨᠢᠰᠴᠦ᠂ ᠨᠠᠭᠤᠷ ᠢ᠋ ᠪᠦᠷᠬᠦᠨ ᠪᠠᠭᠤᠵᠤ ᠪᠠᠢᠭ᠎ᠠ — ᠡᠭᠦᠷ ᠡᠯᠦ ᠪᠠᠷᠢᠵᠤ《ᠬᠣᠲᠠ》ᠴᠣᠭᠴᠠᠯᠠᠵᠤ ᠪᠠᠢᠭ᠎ᠠ — ᠵᠢᠭᠠᠰᠤ ᠪᠠᠷᠢᠵᠤ ᠪᠠᠢᠭ᠎ᠠ — ᠥᠨᠳᠡᠭᠡ ᠵᠤᠯᠵᠠᠭ᠎ᠠ ᠪᠠᠨ ᠬᠠᠮᠠᠭᠠᠯᠠᠵᠤ ᠪᠠᠢᠭ᠎ᠠ ᠪᠠᠢᠳᠠᠯ ᠨᠢ ᠵᠢᠭᠠᠯ ᠤ᠋ᠨ ᠠᠩᠬᠠᠷᠤᠯ ᠢ᠋ ᠲᠡᠳᠡᠨ ᠭᠠᠢᠬᠠᠨ ᠰᠣᠨᠢᠷᠬᠠᠬᠤ ᠳ᠋ᠤ᠌ ᠵᠢᠭᠠᠰᠤᠴᠢᠨ ᠡᠪᠦᠭᠡ ᠲᠡᠭᠦᠨ ᠳ᠋ᠦ᠍ ᠬᠥᠬᠡᠨᠠᠭᠤᠷ ᠲᠤ᠌ ᠶᠠᠭᠠᠬᠢᠭᠠᠳ ᠡᠢᠮᠦ ᠣᠯᠠᠨ ᠰᠢᠪᠠᠭᠤ ᠴᠤᠭᠯᠠᠳᠠᠭ ᠰᠢᠯᠲᠠᠭᠠᠨ ᠢ᠋ ᠶᠠᠷᠢᠵᠤ ᠥᠭᠭᠦᠭᠰᠡᠨ ᠵᠡᠷᠭᠡ ᠬᠡᠯᠬᠢᠶᠡᠷᠡᠨ ᠪᠣᠳᠣᠭᠳᠠᠵᠤ ᠰᠢᠪᠠᠭᠤᠲᠤ ᠠᠷᠠᠯ ᠤ᠋ᠨ ᠲᠤᠬᠠᠢ ᠶᠡᠷᠦᠩᠬᠡᠢ ᠣᠢᠯᠠᠭᠠᠯᠲᠠ ᠲᠠᠢ ᠪᠣᠯᠬᠤ ᠪᠠ ᠵᠢᠭᠠᠯ ᠶᠠᠭᠤᠨ ᠳ᠋ᠤ᠌ ᠳᠠᠬᠢᠭᠠᠳ ᠢᠷᠡᠶ᠎ᠡ ᠭᠡᠰᠡᠨ ᠪᠣᠳᠣᠯ ᠣᠷᠣᠭᠰᠠᠨ ᠰᠢᠯᠲᠠᠭᠠᠨ ᠢ᠋ ᠮᠡᠳᠡᠵᠦ ᠪᠣᠯᠤᠨ᠎ᠠ᠃
ᠡᠨᠡ ᠪᠣᠯ ᠬᠢᠴᠢᠶᠡᠯ ᠢᠶᠠᠨ ᠤᠩᠰᠢᠵᠤ ᠣᠢᠯᠠᠭᠠᠬᠤ ᠶ᠋ᠢᠨ ᠦᠨᠳᠦᠰᠦᠨ ᠱᠠᠭᠠᠷᠳᠠᠯᠭ᠎ᠠ ᠪᠣᠯᠬᠤ ᠲᠤᠯᠠ ᠡᠷᠬᠡᠪᠰᠢ ᠬᠢᠴᠢᠶᠡᠨ ᠠᠩᠬᠠᠷᠬᠤ ᠬᠡᠷᠡᠭᠲᠡᠢ᠃ ᠤᠩᠰᠢᠯᠭ᠎ᠠ ᠶ᠋ᠢᠨ ᠴᠢᠳᠠᠪᠤᠷᠢ ᠳᠡᠭᠡᠭᠰᠢᠯᠡᠬᠦ ᠶ᠋ᠢ ᠳᠠᠭᠠᠯᠳᠤᠨ᠂ ᠪᠢᠳᠡ ᠪᠠᠭᠰᠢ ᠶ᠋ᠢᠨ ᠵᠢᠯᠣᠭᠣᠳᠤᠯᠭ᠎ᠠ ᠪᠠᠷ ᠪᠡᠶ᠎ᠡ ᠳ᠋ᠡᠭᠡᠨ ᠨᠡᠩ ᠥᠨᠳᠥᠷ ᠱᠠᠭᠠᠷᠳᠠᠯᠭ᠎ᠠ ᠲᠠᠯᠪᠢᠬᠤ ᠬᠡᠷᠡᠭᠲᠡᠢ ᠶᠦ᠍ᠮ᠃
※ᠢᠷᠡᠯᠲᠡ ᠄
ᠠᠯᠪᠠᠨ ᠵᠢᠷᠤᠮ ᠤ᠋ᠨ ᠲᠠᠪᠤᠨ ᠵᠢᠯ ᠦ᠋ᠨ ᠳᠦᠷᠢᠮᠲᠦ ᠪᠠᠭ᠎ᠠ ᠰᠤᠷᠭᠠᠭᠤᠯᠢ ᠳ᠋ᠤ᠌ ᠦᠵᠡᠬᠦ
ᠬᠡᠯᠡ ᠪᠢᠴᠢᠭ ᠳᠣᠯᠣᠳᠤᠭᠠᠷ ᠳᠡᠪᠲᠡᠷ
ᠥᠪᠥᠷ ᠮᠣᠩᠭᠣᠯ ᠤ᠋ᠨ ᠰᠤᠷᠭᠠᠨ ᠬᠥᠮᠦᠵᠢᠯ ᠦ᠋ᠨ ᠬᠡᠪᠯᠡᠯ ᠦ᠋ᠨ ᠬᠣᠷᠢᠶ᠎ᠠ ᠨᠠᠢᠷᠠᠭᠤᠯᠤᠨ ᠬᠡᠪᠯᠡᠭᠦᠯᠪᠡ
ᠥᠪᠥᠷ ᠮᠣᠩᠭᠣᠯ ᠤ᠋ᠨ ᠰᠢᠨᠬᠤᠸᠠ ᠨᠣᠮ ᠤ᠋ᠨ ᠳᠡᠯᠭᠡᠭᠦᠷ ᠲᠠᠷᠬᠠᠭᠠᠪᠠ
ᠥᠪᠥᠷ ᠮᠣᠩᠭᠣᠯ ᠤ᠋ᠨ ᠰᠤᠷᠭᠠᠨ ᠬᠥᠮᠦᠵᠢᠯ ᠦ᠋ᠨ ᠬᠡᠪᠯᠡᠬᠦ ᠦᠢᠯᠡᠳᠪᠦᠷᠢ ᠬᠡᠪᠯᠡᠪᠡ
1991 ᠣᠨ ᠤ᠋ 3 ᠰᠠᠷ᠎ᠠ ᠳ᠋ᠤ᠌ ᠠᠩᠬᠠᠳᠤᠭᠠᠷ ᠬᠡᠪ ᠢ᠋ ᠬᠢᠪᠡ
1993 ᠣᠨ ᠤ᠋ 4 ᠰᠠᠷ᠎ᠠ ᠳ᠋ᠤ᠌ ᠭᠤᠷᠪᠠᠳᠤᠭᠠᠷ ᠤᠳᠠᠭ᠎ᠠ ᠬᠡᠪᠯᠡᠪᠡ᠃
ᠦᠨ᠎ᠡ᠄1.40 ᠲᠥᠭᠥᠷᠢᠭ
ᠦᠰᠦᠭ ᠠᠮᠢᠯᠠᠭᠤᠯᠤᠭᠴᠢ᠄ ᠣᠳᠣᠨᠬᠤᠸᠠᠷ
ᠬᠢᠨᠠᠭᠴᠢ᠄ ᠳ· ᠣᠶᠤᠨᠴᠡᠴᠡᠭ᠂ ᠨᠠᠷᠠᠨᠰᠣᠶᠣᠯ
2023.7.19
