ᠬᠣᠨᠣᠴᠠ ᠶ᠋ᠢᠨ ᠬᠡᠦᠬᠡᠳ - ᠷ ᠂ ᠴᠣᠢᠨᠣᠮ Хоноцын хүүхэд – Р ᠂ Чойном ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠣᠨᠣᠴᠠ ᠶ᠋ᠢᠨ ᠬᠡᠦᠬᠡᠳ - ᠷ ᠂ ᠴᠣᠢᠨᠣᠮ Хоноцын хүүхэд – Р ᠂ Чойном

ᠬᠣᠨᠣᠴᠠ ᠶ᠋ᠢᠨ ᠬᠡᠦᠬᠡᠳ - ᠷ ᠂ ᠴᠣᠢᠨᠣᠮ Хоноцын хүүхэд – Р ᠂ Чойном

2023-07-22

322

ᠬᠣᠨᠣᠴᠠ ᠶ᠋ᠢᠨ ᠬᠡᠦᠬᠡᠳ


  ᠬᠠᠷᠠᠩᠭᠤᠢ ᠰᠥᠨᠢ ᠪᠡᠷ ᠲᠡᠷᠡ ᠠᠢᠯ ᠳ᠋ᠤ᠌ 
  ᠬᠤᠯᠠᠭᠠᠢ ᠶ᠋ᠢᠨ ᠲᠡᠭᠡᠭᠡᠪᠦᠷᠢ ᠢᠷᠡᠪᠡ 
  ᠬᠠᠭᠠᠯᠭ᠎ᠠ ᠶ᠋ᠢ ᠨᠢ ᠰᠡᠮᠬᠡᠨ ᠲᠣᠭᠰᠢᠵᠤ    
  ᠭᠡᠷ ᠦ᠋ᠨ ᠨᠢᠷᠪᠠ ᠶ᠋ᠢ ᠳᠠᠭᠤᠳᠠᠪᠠ  

  ᠠᠴᠢᠶ᠎ᠠ ᠠᠪᠬᠤ᠂ ᠦᠭᠡᠢ ᠪᠡᠨ     
  ᠰᠢᠪᠡᠨᠡᠭᠡᠨ ᠮᠠᠷᠭᠤᠭᠠᠨ ᠳᠡᠭᠳᠡᠭᠡᠪᠡ 
  ᠠᠷᠠᠢ ᠭᠡᠵᠦ ᠵᠥᠪᠰᠢᠶᠡᠷᠡᠭᠦᠯᠵᠦ      
  ᠬᠣᠶᠠᠭᠤᠯᠠ ᠡᠯᠪᠡᠨ ᠪᠠᠭᠤᠯᠭᠠᠪᠠ᠃  

  ᠬᠤᠯᠠᠭᠠᠢ ᠶ᠋ᠢᠨ ᠪᠠᠷᠠᠭ᠎ᠠ ᠪᠠᠭᠤᠯᠭᠠᠭᠰᠠᠨ     
  ᠨᠢᠭᠣᠴᠠᠬᠠᠢ ᠲᠡᠷᠡ ᠠᠭᠤᠯᠬᠤ ( ᠰᠺᠠᠯᠠᠳ᠋)  
  ᠬᠠᠷᠰᠢᠮᠠᠯ ᠪᠦᠭᠴᠢᠮ ᠬᠢᠭᠡᠳ       
  ᠴᠣᠩᠬᠣ ᠴᠣᠣᠵᠢ ᠦᠭᠡᠢ ᠠᠵᠤᠭᠤ᠂  

  ᠣᠢᠷ᠎ᠠ ᠬᠣᠯᠠ ᠶ᠋ᠢᠨ ᠨᠢᠳᠦᠨ ᠡᠴᠡ ᠨᠢᠭᠤᠵᠤ      
  ᠠᠷᠪᠠᠨ ᠰᠠᠷ᠎ᠠ ᠳᠠᠷᠤᠭᠠᠳ  
  ᠣᠯᠠᠨ ᠳ᠋ᠤ᠌ ᠭᠡᠨᠡᠳᠲᠡᠬᠡᠨ ᠵᠠᠷᠯᠠᠵᠤ        
  ᠨᠢᠭᠡᠨ ᠡᠳᠦᠷ ᠭᠠᠷᠭᠠᠪᠠ᠃  

  ᠲᠡᠭᠡᠭᠡᠵᠦ ᠢᠷᠡᠭᠰᠡᠨ ᠵᠢᠯᠣᠭᠣᠴᠢ ᠶ᠋ᠢᠨ         
  ᠭᠠᠷ ᠤ᠋ᠨ ᠦᠰᠦᠭ ᠪᠠᠢᠬᠤ ᠦᠭᠡᠢ  
  ᠲᠡᠷᠡ ᠨᠢᠭᠡᠨ ᠠᠴᠢᠶᠠᠨ ᠳ᠋ᠤ᠌        
  ᠫᠠᠳᠠᠩ ᠫᠠᠺᠲ᠋ᠥ᠋ᠷ ᠨᠢᠭᠣᠴᠠᠬᠠᠢ 
  ᠲᠡᠭᠡᠭᠰᠡᠨ ᠪᠠᠢᠲᠠᠯ᠎ᠠ ᠪᠠᠨ ᠵᠢᠯᠣᠭᠣᠴᠢ ᠶ᠋ᠢᠨ       
  ᠲᠣᠳᠣ ᠠ᠋ᠴᠠ ᠲᠣᠳᠣ ᠵᠢᠷᠤᠭ ᠢ᠋ 
  ᠲᠡᠭᠡᠬᠦ ᠡᠴᠡ ᠲᠡᠭᠡ ᠭᠡᠰᠡᠨ ᠶᠦ᠍ᠮ ᠰᠢᠭ        
  ᠨᠢᠷᠪᠠ ᠡᠯᠢᠭᠡᠨ ᠳ᠋ᠡᠭᠡᠨ ᠲᠡᠪᠡᠷᠢᠵᠡᠢ᠃  


※ ᠢᠷᠡᠯᠲᠡ᠄
《 ᠷ · ᠴᠣᠶ᠋ᠢᠨᠣᠮ ᠦ᠋ᠨ ᠰᠢᠯᠦᠭ ᠵᠣᠬᠢᠶᠠᠯ ᠬᠤᠷᠢᠶᠠᠬᠤᠢ — 》
            — ᠤᠶᠠᠩᠬ᠋᠎ᠠ ᠶ᠋ᠢᠨ ᠰᠢᠯᠦᠭ ᠡᠴᠡ ᠬᠠᠭᠤᠯᠪᠠ ᠃
             ᠪᠢ‍  · ᠳᠠᠮᠳᠢᠨᠰᠦ᠋ᠷᠦᠩ ᠡᠮᠬᠢᠤᠠᠬᠡᠨ ᠨᠠᠶ᠋ᠢᠷᠠᠭᠤᠯᠪᠠ
             ᠬᠠᠷᠢᠭᠤᠴᠠᠭᠰᠠᠨ ᠨᠠᠶ᠋ᠢᠷᠠᠭᠤᠯᠤᠭᠴᠢ ᠄ ᠪᠣᠷᠤᠨᠤᠳ ᠳᠣᠷᠵᠢ

 ᠦᠰᠦᠭ ᠠᠮᠢᠯᠠᠭᠤᠯᠤᠭᠴᠢ᠄ ᠲᠦᠮᠡᠨᠴᠡᠴᠡᠭ  
    ᠬᠢᠨᠠᠭᠴᠢ᠄ ᠰᠡᠬᠡᠭᠡᠷᠡᠯ