ᠬᠠᠷ᠎ᠠ ᠨᠠᠷᠠᠨ - ᠷ ᠂ ᠴᠣᠢᠨᠣᠮ Хар наран – Р ᠂ Чойном
ᠬᠠᠷ᠎ᠠ ᠨᠠᠷᠠᠨ
ᠣᠷᠴᠢᠯᠠᠩ ᠤ᠋ᠨ ᠶᠠᠮᠠᠷ ᠴᠤ᠌ ᠥᠩᠭᠡ ᠪᠡᠷ
ᠤᠨᠤᠭᠠᠨ ᠪᠦᠲᠦᠭᠡᠬᠦ ᠦᠭᠡᠢ ᠡᠷᠬᠢᠮ ᠨᠢᠭᠡᠨ ᠶᠢᠷᠲᠢᠨᠴᠦ
ᠣᠭᠲᠠᠷᠭᠤᠢ ᠶ᠋ᠢᠨ ᠳᠤᠷᠠᠨ ᠠᠪᠠᠢ ᠳ᠋ᠤ᠌ ᠥᠷᠲᠥᠭᠳᠡᠭᠡ ᠦᠭᠡᠢ
ᠣᠳᠣ ᠪᠣᠯᠲᠠᠯ᠎ᠠ ᠰᠢᠨᠵᠢᠯᠡᠬᠦ ᠤᠬᠠᠭᠠᠨ ᠳ᠋ᠤ᠌ ᠳᠠᠯᠳᠠ ᠦᠯᠡᠳᠡᠵᠡᠢ᠃
ᠲᠡᠨᠳᠡ ᠠᠭᠤᠯᠠ ᠴᠤ᠌ ᠪᠠᠢᠬᠤ ᠦᠭᠡᠢ᠂ ᠤᠰᠤ ᠴᠤ᠌ ᠪᠠᠢᠬᠤ ᠦᠭᠡᠢ
ᠲᠩᠷᠢ ᠴᠦ᠍ ᠪᠠᠢᠬᠤ ᠦᠭᠡᠢ᠂ ᠭᠠᠵᠠᠷ ᠴᠤ᠌ ᠪᠠᠢᠬᠤ ᠦᠭᠡᠢ
ᠲᠡᠭᠡᠭᠰᠡᠨ ᠠᠲᠠᠯ᠎ᠠ ᠦᠬᠦᠳᠡᠭ ᠦᠭᠡᠢ ᠬᠥᠮᠦᠰ ᠪᠣᠢ
ᠲᠡᠮᠡᠴᠡᠯ ᠬᠠᠤᠯᠢ ᠵᠠᠷᠴᠢᠮ ᠪᠣᠢ᠃
ᠡᠨᠡ ᠶᠢᠷᠲᠢᠨᠴᠦ ᠶ᠋ᠢ ᠦᠶ᠎ᠡ ᠦᠶᠡᠬᠡᠨ
ᠡᠩᠬᠦᠷᠡᠢ ᠵᠥᠭᠡᠯᠡᠨ ᠬᠠᠷ᠎ᠠ ᠨᠠᠷᠠᠨ ᠭᠡᠷᠡᠯᠲᠦᠭᠦᠯᠳᠡᠭ ᠶᠦ᠍ᠮ
ᠲᠢᠪ ᠳᠡᠯᠡᠬᠡᠢ ᠶ᠋ᠢᠨ ᠠᠯᠲᠠᠨ ᠨᠠᠷᠠᠨ ᠠ᠋ᠴᠠ ᠢᠯᠡᠭᠦᠦ
ᠳᠡᠯᠦᠮᠡᠨ ᠬᠠᠷ᠎ᠠ ᠨᠠᠷᠠᠨ ᠳ᠋ᠠᠭᠠᠨ ᠲᠡᠷᠡ ᠶᠢᠷᠲᠢᠨᠴᠦ ᠬᠠᠢᠷᠠᠲᠠᠢ᠃
ᠨᠠᠮᠤᠭᠤᠬᠠᠨ ᠭᠢᠯᠲᠠᠭᠠᠨᠠᠭᠰᠠᠨ ᠬᠠᠷ᠎ᠠ ᠨᠠᠷᠠᠨ ᠤ᠋ ᠬᠢᠨᠢ
ᠨᠠᠷᠢᠬᠠᠨ ᠢᠨᠢᠶᠡᠮᠰᠦᠭᠯᠡᠭᠰᠡᠨ ᠲᠤᠰᠬᠠᠯ ᠳᠣᠣᠷ᠎ᠠ
ᠪᠤᠳᠠᠭ᠎ᠠ ᠲᠠᠷᠢᠶᠠᠨ ᠤ᠋ ᠣᠷᠣᠨ ᠳ᠋ᠤ᠌ ᠡᠨᠡ ᠶᠢᠷᠲᠢᠨᠴᠦ ᠳ᠋ᠦ᠍
ᠪᠤᠰᠤᠳ ᠬᠥᠮᠦᠰ ᠦ᠋ᠨ ᠠᠮᠰᠠᠭ᠎ᠠ ᠨᠢ ᠦᠭᠡᠢ ᠴᠡᠩᠭᠡᠯ ᠵᠢᠷᠭᠠᠯ ᠤᠷᠭᠤᠨ᠎ᠠ
ᠢᠨᠠᠭ ᠲᠠᠴᠢᠶᠠᠩᠭᠤᠢ ᠶ᠋ᠢᠨ ᠠᠮᠲᠠᠲᠠᠢᠬᠠᠨ ᠭᠤᠨᠢᠭ ᠤᠷᠭᠤᠨ᠎ᠠ
ᠶᠠᠭᠠᠬᠢᠪᠠᠴᠤ ᠪᠡᠶᠡᠯᠡᠵᠦ ᠦᠯᠦ ᠪᠣᠯᠬᠤ ᠠᠮᠢᠳᠤᠷᠠᠯ ᠤᠷᠭᠤᠨ᠎ᠠ
ᠲᠡᠭᠡᠲᠡᠯ᠎ᠡ ᠤᠷᠭᠤᠴᠠ ᠶ᠋ᠢ ᠨᠢ ᠬᠤᠷᠢᠶᠠᠬᠤ ᠡᠵᠡᠨ ᠦᠭᠡᠢ
ᠲᠡᠩᠭᠡᠯᠢᠭ ᠢ᠋ᠶ᠋ᠡᠷ ᠭᠤᠴᠢᠨ ᠨᠠᠢ᠍ᠮᠠ ᠡᠷᠭᠢᠭᠰᠡᠨ
ᠲᠡᠷᠡ ᠬᠦ᠌ ᠶᠢᠷᠲᠢᠨᠴᠦ ᠰᠢᠯᠦᠭᠴᠢ ᠶ᠋ᠢᠨ ᠰᠡᠳᠬᠢᠯ ᠪᠤᠶᠤ᠃
※ ᠢᠷᠡᠯᠲᠡ᠄
《 ᠷ · ᠴᠣᠶ᠋ᠢᠨᠣᠮ ᠦ᠋ᠨ ᠰᠢᠯᠦᠭ ᠵᠣᠬᠢᠶᠠᠯ ᠬᠤᠷᠢᠶᠠᠬᠤᠢ — 》
— ᠤᠶᠠᠩᠬ᠋᠎ᠠ ᠶ᠋ᠢᠨ ᠰᠢᠯᠦᠭ ᠡᠴᠡ ᠬᠠᠭᠤᠯᠪᠠ ᠃
ᠪᠢ · ᠳᠠᠮᠳᠢᠨᠰᠦ᠋ᠷᠦᠩ ᠡᠮᠬᠢᠤᠠᠬᠡᠨ ᠨᠠᠶ᠋ᠢᠷᠠᠭᠤᠯᠪᠠ
ᠬᠠᠷᠢᠭᠤᠴᠠᠭᠰᠠᠨ ᠨᠠᠶ᠋ᠢᠷᠠᠭᠤᠯᠤᠭᠴᠢ ᠄ ᠪᠣᠷᠤᠨᠤᠳ ᠳᠣᠷᠵᠢ
ᠦᠰᠦᠭ ᠠᠮᠢᠯᠠᠭᠤᠯᠤᠭᠴᠢ᠄ ᠰᠡᠷᠭᠦᠯᠡᠩ
ᠬᠢᠨᠠᠭᠴᠢ᠄ ᠰᠡᠬᠡᠭᠡᠷᠡᠯ
