ᠮᠣᠩᠭᠣᠯ ᠲᠤᠮ ᠲᠣᠬᠢᠶ᠎ᠠ ᠨᠤᠭᠤᠳ - ᠰᠡᠴᠡᠨᠪᠢᠯᠢᠭ ᠦ᠋ᠨ ᠡᠷᠲ‍ᠡᠨᠢ Монгол дом дохионууд - Цэцэнбилигийн Эрдэнэ ᠡᠷᠡᠭᠦᠯ ᠡᠩᠬᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠣᠩᠭᠣᠯ ᠲᠤᠮ ᠲᠣᠬᠢᠶ᠎ᠠ ᠨᠤᠭᠤᠳ - ᠰᠡᠴᠡᠨᠪᠢᠯᠢᠭ ᠦ᠋ᠨ ᠡᠷᠲ‍ᠡᠨᠢ Монгол дом дохионууд - Цэцэнбилигийн Эрдэнэ

ᠮᠣᠩᠭᠣᠯ ᠲᠤᠮ ᠲᠣᠬᠢᠶ᠎ᠠ ᠨᠤᠭᠤᠳ - ᠰᠡᠴᠡᠨᠪᠢᠯᠢᠭ ᠦ᠋ᠨ ᠡᠷᠲ‍ᠡᠨᠢ Монгол дом дохионууд - Цэцэнбилигийн Эрдэнэ

ᠠᠩᠭᠢᠯᠠᠯ:ᠡᠷᠡᠭᠦᠯ ᠡᠩᠬᠡ
2023-07-22

630


       ᠮᠣᠩᠭᠣᠯᠴᠤᠳ ᠡᠮ ᠳᠠᠩ ᠬᠡᠷᠡᠭᠯᠡᠬᠦ ᠦᠭᠡᠢ ᠪᠡᠷ ᠡᠪᠡᠳᠴᠢᠨ ᠲᠠᠬᠤᠯ ᠢ᠋ ᠵᠠᠰᠠᠵᠤ ᠭᠠᠢ ᠪᠠᠷᠴᠢᠳ ᠢ᠋ ᠵᠠᠢᠯᠠᠭᠤᠯᠬᠤ ᠨᠢᠭᠡᠨ ᠵᠦᠢᠯ ᠦ᠋ᠨ ᠣᠨᠴᠠᠭᠠᠢ ᠭᠠᠢᠬᠠᠮᠰᠢᠭᠲᠤ ᠠᠷᠭ᠎ᠠ ᠪᠠᠷᠢᠯ ᠢ᠋ ᠲᠣᠮ ᠳᠣᠬᠢᠶ᠎ᠠ ᠭᠡᠳᠡᠭ᠃ ᠮᠣᠩᠭᠣᠯᠴᠤᠳ ᠡᠷᠲᠡᠨ ᠡᠴᠡ ᠪᠡᠨ ᠠᠪᠤᠭᠠᠳ ᠲᠣᠮ ᠰᠢᠪᠰᠢᠯᠭᠡ ᠶ᠋ᠢᠨ ᠷᠢᠳᠢ ᠰᠢᠳᠢ ᠶ᠋ᠢᠨ ᠬᠦᠴᠦᠨ ᠢ᠋ ᠠᠰᠢᠭᠯᠠᠵᠤ ᠬᠥᠮᠦᠨ ᠮᠠᠯ ᠤ᠋ᠨ ᠡᠪᠡᠳᠴᠢᠨ ᠲᠠᠬᠤᠯ ᠭᠠᠢ ᠪᠠᠷᠴᠢᠳ ᠢ᠋ ᠠᠷᠢᠯᠭᠠᠵᠤ ᠴᠢᠳᠠᠳᠠᠭ ᠪᠠᠢᠵᠠᠢ᠃ ᠡᠢᠮᠦ ᠡᠴᠡ ᠡᠨᠡ ᠨᠢ ᠮᠠᠨ ᠤ᠋ ᠮᠣᠩᠭᠣᠯ ᠰᠣᠶᠣᠯ ᠤ᠋ᠨ ᠮᠢᠨᠢ ᠨᠢᠭᠡᠨ ᠥᠪ ᠪᠢᠯᠡ᠃ ᠡᠢᠮᠦ ᠡᠴᠡ ᠤᠯᠠᠮᠵᠢᠯᠠᠯᠲᠤ ᠲᠣᠮ ᠳᠣᠬᠢᠶᠠᠨ ᠤ᠋ ᠷᠢᠳᠢ ᠰᠢᠳᠢ ᠶ᠋ᠢ ᠰᠢᠲᠦᠵᠦ᠂ ᠲᠠᠢᠯᠪᠤᠷᠢᠯᠠᠵᠤ ᠳᠡᠢᠯᠬᠦ ᠦᠭᠡᠢ ᠭᠠᠢᠬᠠᠮᠰᠢᠭᠲᠤ ᠳᠠᠯᠳᠠ ᠬᠦᠴᠦᠨ ᠢ᠋ ᠨᠢ ᠠᠰᠢᠭᠯᠠᠵᠤ ᠤᠯᠠᠮᠵᠢᠯᠠᠵᠤ ᠶᠠᠪᠤᠬᠤ ᠨᠢ ᠴᠢ ᠪᠢᠳᠡᠨ ᠦ᠌ ᠡᠭᠦᠷᠭᠡ ᠬᠠᠷᠢᠭᠤᠴᠠᠯᠭ᠎ᠠ ᠪᠤᠶᠤ᠃ ᠡᠢᠨᠬᠦ ᠳᠣᠣᠷᠠᠬᠢ ᠲᠣᠮ ᠳᠣᠬᠢᠶ᠎ᠠ ᠶ᠋ᠢ ᠲᠠ ᠪᠦᠬᠦᠨ ᠲᠡᠢ ᠬᠤᠪᠢᠶᠠᠯᠴᠠᠰᠤᠭᠠᠢ᠃ 
       ᠲᠠ ᠪᠦᠬᠦᠨ ᠳ᠋ᠦ᠍ ᠲᠤᠰᠠ ᠪᠣᠯᠬᠤ ᠪᠣᠯᠲᠤᠭᠠᠢ! 
       ᠲᠣᠮ ᠪᠣᠯᠬᠤ ᠪᠣᠯᠲᠤᠭᠠᠢ!  
       ᠳᠠᠮ ᠪᠣᠯᠬᠤ ᠪᠣᠯᠲᠤᠭᠠᠢ! 
 
       ᠬᠠᠮᠠᠷ ᠠ᠋ᠴᠠ ᠴᠢᠰᠤ ᠭᠠᠷᠪᠠᠯ ᠣᠬᠢ ᠡᠪᠡᠰᠦ ᠪᠡᠷ ᠬᠠᠮᠠᠷ ᠤ᠋ᠨ ᠨᠦᠬᠡ ᠪᠡᠨ ᠪᠥᠭᠯᠡᠳᠡᠭ᠃ 
       ᠬᠠᠯᠠᠭᠠᠭᠰᠠᠨ ᠰᠢᠷᠬᠠᠨ ᠳ᠋ᠤ᠌ ᠴᠠᠬᠢᠯᠳᠠᠭ ᠤ᠋ᠨ ᠪᠢᠲᠡᠭᠦᠦ ᠦᠨᠡᠰᠦ ᠶ᠋ᠢ ᠲᠦᠷᠬᠢᠪᠡᠯ ᠬᠤᠷᠳᠤᠨ ᠡᠳᠡᠭᠡᠷᠡᠳᠡᠭ ᠃ 
       ᠦᠰᠦ ᠴᠠᠢᠬᠤ ᠳ᠋ᠤ᠌ ᠰᠢᠨᠠᠭᠠᠨ ᠬᠣᠷᠣᠬᠠᠢ ᠲᠠᠯᠠᠭᠳᠠᠵᠤ ᠤᠬᠢᠶᠠᠨ᠎ᠠ᠃ 
       ᠤᠷᠤᠭᠤᠯ ᠬᠠᠭᠠᠷᠠᠭᠠᠳ ᠪᠠᠢᠪᠠᠯ ᠵᠡᠭᠦᠦ ᠪᠣᠭᠣᠳᠠᠭ ᠬᠠᠷ᠎ᠠ ᠥᠩᠭᠡ ᠲᠡᠢ ᠴᠠᠭᠠᠰᠤ ᠶ᠋ᠢ ᠨᠠᠭᠠᠪᠠᠯ ᠰᠠᠢᠨ ᠪᠣᠯᠤᠨ᠎ᠠ᠃ 
       ᠬᠣᠭᠣᠯᠠᠢ ᠭᠡᠨᠡᠳᠲᠡ ᠪᠢᠲᠡᠭᠦᠷᠡᠪᠡᠯ ᠬᠣᠭᠣᠯᠠᠢ ᠳ᠋ᠤ᠌ ᠨᠢ ᠳ᠋ᠧᠩ ᠦ᠋ᠨ ᠭᠡᠷᠡᠯ ᠲᠤᠰᠬᠠᠳᠠᠭ᠃ 
       ᠬᠠᠯᠠᠭᠤᠷᠠᠵᠤ ᠪᠠᠢᠭ᠎ᠠ ᠬᠥᠮᠦᠨ ᠳ᠋ᠦ᠍ ᠣᠳᠣ ᠲᠦᠭᠡᠭᠡᠭᠰᠡᠨ ᠬᠣᠢᠨ᠎ᠠ ᠤᠰᠤ ᠠᠪᠴᠤ ᠭᠠᠷᠤᠭᠠᠳ《 ᠳᠣᠯᠣᠭᠠᠨ ᠪᠤᠷᠬᠠᠨ ᠣᠳᠣ》 ᠳ᠋ᠤ᠌  ᠦᠵᠡᠭᠦᠯᠦᠭᠰᠡᠨ ᠬᠣᠢᠨ᠎ᠠ ᠤᠰᠤ ᠶ᠋ᠢ ᠨᠢ ᠤᠤᠭᠤᠯᠭᠠᠪᠠᠯ ᠬᠠᠯᠠᠭᠤᠨ ᠢ᠋ ᠨᠢ ᠳᠠᠷᠤᠳᠠᠭ᠃ 
       ᠨᠢᠯᠬ᠎ᠠ ᠬᠡᠦᠬᠡᠳ ᠪᠠᠭᠠᠰᠤ ᠠᠯᠳᠠᠬᠤ ᠶ᠋ᠢ《 ᠮᠠᠭᠤ ᠰᠠᠢᠨᠳᠠᠬᠣ  》 ᠭᠡᠵᠦ ᠬᠡᠯᠡᠳᠡᠭ᠂ ᠬᠡᠦᠬᠡᠳ ᠮᠠᠭᠤ ᠰᠠᠢᠨᠳᠠᠬᠣ ᠶ᠋ᠢ ᠡᠴᠢᠭᠡ ᠡᠬᠡ ᠶ᠋ᠢᠨ ᠬᠢᠨᠢ ᠪᠢᠲᠡᠭᠦᠦ ᠭᠣᠭᠴᠣᠭ᠎ᠠ ᠲᠠᠢ ᠮᠥᠩᠭᠥᠨ ᠡᠳ᠋ᠯᠡᠯ《 ᠰᠡᠳᠬᠡᠭᠦᠷ᠂ ᠲᠡᠭᠡ᠂ ᠪᠢᠲᠡᠭᠦᠦ  ᠪᠥᠯᠵᠢᠭ》 ᠢ᠋ᠶ᠋ᠡᠷ ᠰᠢᠨᠡ ᠶ᠋ᠢᠨ ᠭᠣᠣᠯ᠂ ᠵᠡᠭᠦᠨ ᠪᠠᠷᠠᠭᠤᠨ ᠭᠠᠷ ᠤ᠋ᠨ ᠪᠠᠭᠤᠨ ᠰᠤᠳᠠᠯ᠂ ᠬᠥᠯ ᠦ᠋ᠨ ᠱᠠᠭᠠᠢ ᠶ᠋ᠢᠨ ᠰᠤᠳᠠᠯ ᠳᠡᠭᠡᠷ᠎ᠡ ᠨᠢ ᠲᠣᠨᠣᠯᠵᠢᠨ ᠲᠡᠮᠳᠡᠭ ᠢ᠋ ᠪᠠᠯ ᠢ᠋ ᠨᠢ ᠭᠠᠷᠲᠠᠯ᠎ᠠ ᠥᠷᠥᠵᠦ ᠵᠢᠷᠤᠭᠠᠳ ᠬᠥᠯ ᠭᠠᠷ ᠢ᠋ ᠨᠢ ᠥᠷᠥᠭᠡᠯᠳᠡᠨ ᠪᠠᠭ᠎ᠠ ᠪᠠᠭ᠎ᠠ ᠪᠠᠷ ᠲᠡᠳᠡᠨ ᠳᠣᠮᠨᠣᠳᠠᠭ ᠃ 
       ᠮᠣᠭᠠᠢ ᠭᠡᠷ ᠲᠦ᠍ ᠣᠷᠣᠵᠤ ᠢᠷᠡᠪᠡᠯ ᠰᠦ᠍ ᠳᠤᠰᠤᠭᠠᠭᠠᠳ ᠬᠥᠮᠦᠨ ᠦ᠌ ᠬᠥᠯ ᠭᠠᠷ ᠠ᠋ᠴᠠ ᠵᠠᠢ ᠲᠠᠢ ᠭᠠᠵᠠᠷ ᠠᠪᠠᠴᠢᠵᠤ ᠬᠠᠶᠠᠨ᠎ᠠ᠂ ᠲᠠᠰᠤᠷᠠᠭᠰᠠᠨ ᠮᠣᠭᠠᠢ ᠶ᠋ᠢ ᠵᠠᠯᠭᠠᠵᠤ ᠲᠠᠯᠪᠢᠪᠠᠯ ᠶᠡᠬᠡ ᠪᠤᠶᠠᠨ ᠪᠣᠯᠤᠨ᠎ᠠ᠂ ᠶᠠᠰᠤ ᠪᠠᠷᠢᠶᠠᠴᠢ ᠪᠣᠯᠤᠨ᠎ᠠ ᠭᠡᠳᠡᠭ᠃ 
       ᠬᠦᠵᠦᠭᠦᠦ ᠬᠥᠰᠢᠵᠦ ᠭᠠᠵᠢᠭᠰᠠᠨ ᠬᠥᠮᠦᠨ᠂  ᠭᠠᠩᠭᠠᠩ ᠬᠥᠮᠦᠨ ᠦ᠌ ᠠᠷᠤ ᠠ᠋ᠴᠠ  ᠮᠥᠷᠭᠥᠪᠡᠯ ᠵᠦᠭᠡᠷ ᠪᠣᠯᠳᠠᠭ᠃ 
       ᠴᠢᠳᠥᠷ ᠪᠦᠰᠡᠯᠡᠬᠦ ᠪᠤᠶᠤ ᠡᠰᠡᠬᠦᠯ᠎ᠡ ᠪᠡᠶ᠎ᠡ ᠳ᠋ᠦ᠍ ᠪᠡᠨ ᠳᠥᠷᠦᠭᠡᠨ ᠵᠣᠭᠣᠰ ᠠᠪᠴᠤ ᠶᠠᠪᠤᠪᠠᠯ ᠮᠣᠷᠢᠨ ᠠ᠋ᠴᠠ ᠣᠢᠴᠢᠭᠰᠠᠨ ᠴᠤ᠌ ᠪᠡᠷᠲᠡᠯ ᠠᠪᠬᠤ ᠦᠭᠡᠢ᠂ ᠰᠥᠨᠢ ᠣᠷᠣᠢ ᠭᠠᠳᠠᠨ᠎ᠠ ᠶᠠᠪᠤᠬᠤ ᠳ᠋ᠤ᠌ ᠮᠠᠭᠤ ᠶᠠᠭᠤᠮ᠎ᠠ ᠨᠠᠭᠠᠯᠳᠤᠬᠤ ᠦᠭᠡᠢ ᠭᠡᠳᠡᠭ᠃ 
       ᠬᠣᠭᠣᠯᠠᠢ ᠪᠠᠭᠠᠯᠵᠤᠤᠷ ᠳᠡᠭᠡᠷ᠎ᠡ ᠨᠢ ᠬᠤᠯᠤᠭᠠᠨ᠎ᠠ ᠶ᠋ᠢᠨ ᠶᠠᠷ᠎ᠠ ᠭᠠᠷᠪᠠᠯ ᠮᠤᠤᠷ ᠤ᠋ᠨ ᠮᠢᠬ᠎ᠠ ᠲᠠᠢ ᠡᠮ ᠤᠤᠭᠤᠯᠭᠠᠨ᠎ᠠ᠃ 
       ᠤᠰᠤᠨ ᠳ᠋ᠤ᠌ ᠤᠨᠠᠭᠰᠠᠨ ᠬᠥᠮᠦᠨ ᠢ᠋ ᠳᠡᠭᠡᠰᠦᠨ ᠦ᠌ ᠨᠢᠭᠡ ᠦᠵᠦᠭᠦᠷ ᠲᠦ᠍ ᠲᠤᠯᠭ᠎ᠠ ᠶ᠋ᠢ ᠤᠶᠠᠭᠠᠳ ᠱᠦᠭᠦᠪᠡᠯ ᠠᠮᠢ ᠲᠠᠢ ᠰᠢᠭ᠋ ᠣᠯᠳᠠᠨ᠎ᠠ᠂ ᠡᠰᠡᠬᠦᠯ᠎ᠡ ᠠᠮᠢᠳᠤ ᠲᠠᠬᠢᠶ᠎ᠠ ᠶ᠋ᠢ ᠴᠢᠯᠠᠭᠤ ᠲᠠᠢ ᠤᠶᠠᠭᠠᠳ ᠤᠰᠤᠨ ᠳ᠋ᠤ᠌ ᠬᠢᠬᠦ ᠲᠡᠢ ᠵᠡᠷᠭᠡ ᠵᠥᠷᠢᠭᠡᠳ ᠬᠥᠪᠴᠦ ᠭᠠᠷᠴᠤ ᠢᠷᠡᠳᠡᠭ᠃ 
       ᠠᠢᠷᠠᠭ ᠢᠰᠬᠡᠵᠦ ᠲᠣᠭᠣᠭ᠎ᠠ ᠨᠡᠷᠡᠬᠦ ᠳ᠋ᠦ᠍ ᠬᠥᠭᠡᠷᠦᠦ ᠵᠠᠩ ᠲᠠᠢ ᠬᠥᠮᠦᠨ ᠢ᠋ᠶ᠋ᠡᠷ ᠲᠦᠷᠭᠡᠨ ᠳᠠᠪᠬᠢᠭᠤᠯᠵᠤ ᠠᠪᠴᠢᠷᠠᠭᠤᠯᠪᠠᠯ  ᠠᠢᠷᠠᠭ ᠤ᠋ᠨ ᠢᠰᠦᠯᠲᠡ ᠰᠠᠢᠨ ᠪᠣᠯᠳᠠᠭ᠃ 
       ᠲᠣᠭᠣᠰ ᠰᠢᠪᠠᠭᠤᠨ ᠤ᠋ ᠥᠳᠥ ᠪᠤᠶᠤ ᠰᠤᠬᠠᠢ ᠪᠤᠷᠭᠠᠰᠤ ᠶ᠋ᠢ ᠲᠣᠲᠣᠭᠣᠨ ᠳᠡᠭᠡᠭᠦᠷ ᠢ᠋ᠶ᠋ᠡᠨ ᠬᠥᠨᠳᠡᠯᠡᠨ ᠲᠠᠯᠪᠢᠪᠠᠯ ᠬᠡᠯᠡ ᠠᠮᠠ ᠶ᠋ᠢᠨ ᠪᠤᠵᠠᠷ ᠠ᠋ᠴᠠ ᠵᠠᠢᠯᠠᠵᠤ ᠴᠢᠳᠠᠳᠠᠭ᠃ 
       ᠱᠠᠮᠪᠠᠷᠠᠮ ᠡᠪᠡᠳᠴᠢᠨ ᠲᠡᠢ ᠬᠥᠮᠦᠨ ᠨᠣᠬᠠᠢ ᠶ᠋ᠢᠨ ᠭᠥᠯᠥᠭᠡ ᠲᠡᠵᠢᠭᠡᠵᠦ ᠬᠣᠰᠬᠢᠨᠠᠭ ᠢ᠋ᠶ᠋ᠠᠨ ᠡᠳᠦᠷ ᠪᠣᠯᠭᠠᠨ ᠳᠣᠯᠢᠶᠠᠯᠭᠠᠵᠤ100 ᠡᠳᠦᠷ ᠪᠣᠯᠪᠠᠯ ᠱᠠᠮᠪᠠᠷᠠᠮ ᠡᠪᠡᠳᠴᠢᠨ ᠡᠳᠡᠭᠡᠳᠡᠭ᠃ 
       ᠮᠣᠭᠠᠢ ᠢᠯᠳᠦ ᠭᠠᠷᠪᠠᠯ ᠬᠣᠶᠠᠷ ᠦᠵᠦᠭᠦᠷ ᠲᠦ᠍ ᠨᠢ ᠪᠣᠬᠢ ᠲᠦᠷᠬᠢᠪᠡᠯ ᠢᠯᠳᠦ ᠥᠰᠬᠦ ᠦᠭᠡᠢ ᠭᠡᠳᠡᠭ᠃ 
       ᠵᠣᠭᠣᠰᠤᠨ ᠢᠯᠳᠦ ᠭᠠᠷᠪᠠᠯ ᠬᠣᠨᠣᠭ ᠪᠤᠳᠠᠭ᠎ᠠ ᠨᠡᠷᠡᠵᠦ ᠲᠦᠷᠬᠢᠳᠡᠭ᠂ ᠡᠰᠡᠪᠡᠯ ᠬᠠᠷ᠎ᠠ ᠵᠣᠭᠣᠰ ᠢ᠋ ᠬᠠᠯᠠᠭᠠᠵᠤ ᠪᠠᠢᠭᠠᠳ ᠳᠠᠷᠤᠨ᠎ᠠ᠃ 
       ᠨᠣᠬᠠᠢ ᠳ᠋ᠤ᠌ ᠬᠠᠵᠠᠭᠳᠠᠪᠠᠯ ᠬᠠᠵᠠᠭᠰᠠᠨ ᠨᠣᠬᠠᠢ ᠶ᠋ᠢᠨ ᠮᠠᠩᠨᠠᠢ ᠶ᠋ᠢᠨ ᠦᠰᠦ ᠶ᠋ᠢ ᠰᠢᠲᠠᠭᠠᠵᠤ ᠰᠢᠷᠬᠠᠨ ᠳᠡᠭᠡᠷ᠎ᠡ ᠨᠢ ᠳᠠᠷᠤᠪᠠᠯ ᠢᠯᠡᠷᠡᠰᠢᠨ᠎ᠡ ᠭᠡᠳᠡᠭ᠃
       ᠭᠠᠭᠴᠠ ᠬᠤᠷᠤᠭᠤᠨ ᠤ᠋ ᠡᠪᠡᠳᠴᠢᠨ ᠬᠦᠷᠪᠡᠯ ᠬᠤᠷᠤᠭᠤ ᠪᠠᠨ ᠥᠷᠯᠥᠭᠡ  ᠡᠷᠲᠡ ᠪᠤᠴᠠᠯᠵᠤ ᠪᠠᠢᠭ᠎ᠠ ᠪᠠᠷᠠᠭᠠᠨ ᠴᠠᠢ ᠳ᠋ᠤ᠌ ᠵᠠᠭᠤ ᠤᠳᠠᠭ᠎ᠠ ᠲᠥᠷᠥᠵᠦ ᠳᠣᠮᠨᠣᠪᠠᠯ ᠡᠳᠡᠭᠡᠨ᠎ᠡ᠃ 
       ᠠᠢᠬᠤᠪᠲᠤᠷ ᠬᠠᠲᠠᠵᠤ ᠠᠩᠭᠠᠭᠰᠠᠨ ᠬᠥᠮᠦᠨ ᠳ᠋ᠦ᠍ ᠤᠰᠤ ᠤᠤᠭᠤᠯᠭᠠᠬᠤ ᠳ᠋ᠠᠭᠠᠨ ᠨᠢᠭᠡ ᠣᠭᠣᠴᠢᠪᠠᠯ ᠨᠢᠭᠡ ᠮᠠᠨᠢ ᠶ᠋ᠢᠨ ᠵᠢᠷᠭᠤᠭᠠᠨ ᠦᠰᠦᠭ ᠤᠩᠰᠢᠭᠤᠯᠵᠤ ᠠᠭᠠᠵᠢᠮ ᠤᠤᠭᠤᠯᠭᠠᠳᠠᠭ᠃ 
       ᠵᠠᠪᠠᠵᠢᠨ ᠳ᠋ᠤ᠌ ᠶᠠᠷ᠎ᠠ ᠭᠠᠷᠪᠠᠯ ᠰᠠᠮ ᠤ᠋ᠨ ᠮᠥᠷᠥ ᠪᠤᠶᠤ ᠠᠮᠠᠭᠠᠢ ᠬᠠᠯᠠᠭᠠᠨ ᠳᠠᠷᠤᠵᠤ《 ᠡᠮ ᠪᠣᠯ ᠂  ᠲᠣᠮ ᠪᠣᠯ》 ᠭᠡᠵᠦ ᠰᠢᠪᠰᠢᠨ ᠳᠣᠮᠨᠣᠳᠠᠭ᠃ 
       ᠬᠡᠦᠬᠡᠳ ᠠᠮᠠᠨ ᠤ᠋ ᠠᠯᠪᠠ ᠳ᠋ᠤ᠌ ᠪᠠᠷᠢᠭᠳᠠᠪᠠᠯ ᠴᠢᠨᠣ᠎ᠠ ᠶ᠋ᠢᠨ ᠬᠡᠯᠡ ᠳᠣᠯᠢᠶᠠᠯᠭᠠᠨ᠎ᠠ᠂ ᠨᠠᠭᠠᠴᠤ ᠶ᠋ᠢᠨ ᠬᠢᠨᠢ ᠮᠣᠷᠢᠨ ᠤ᠋ ᠠᠮᠠᠭᠠᠢ ᠶ᠋ᠢ ᠨᠢᠭᠤᠵᠤ ᠳᠣᠯᠢᠶᠠᠯᠭᠠᠳᠠᠭ᠂ ᠡᠰᠡᠬᠦᠯ᠎ᠡ ᠥᠭᠡᠷ᠎ᠡ ᠦᠨᠳᠦᠰᠦᠲᠡᠨ ᠦ᠌ ᠬᠥᠮᠦᠨ ᠦ᠌ ᠦᠰᠦ ᠶ᠋ᠢ ᠳᠣᠯᠢᠶᠠᠯᠭᠠᠨ᠎ᠠ ᠃ 
       ᠴᠢᠬᠢ ᠪᠤᠯᠠᠭᠳᠠᠪᠠᠯ ᠪᠢᠯᠵᠤᠤᠬᠠᠢ ᠶ᠋ᠢᠨ ᠬᠠᠯᠠᠭᠤᠨ ᠴᠢᠰᠤ ᠶ᠋ᠢ ᠳᠤᠰᠤᠭᠠᠨ᠎ᠠ᠂  ᠡᠰᠡᠪᠡᠯ ᠭᠤᠯᠢᠷ ᠢ᠋ᠶ᠋ᠠᠷ 3 ᠠ᠋ᠴᠠ4 ᠰᠢᠪᠠᠭᠤ ᠬᠢᠵᠦ ᠴᠢᠬᠢᠨ ᠳ᠋ᠦ᠍ᠨᠢ ᠲᠤᠯᠭᠠᠵᠤ《 ᠡᠮ  ᠪᠣᠯ᠂  ᠲᠣᠮ ᠪᠣᠯ》 ᠭᠡᠵᠦ ᠰᠢᠪᠰᠢᠭᠡᠳ ᠭᠤᠯᠢᠷ ᠰᠢᠪᠠᠭᠤ ᠪᠠᠨ ᠥᠨᠳᠥᠷ ᠭᠠᠵᠠᠷ ᠲᠠᠯᠪᠢᠵᠤ ᠵᠢᠭᠦᠷᠲᠡᠨ ᠰᠢᠪᠠᠭᠤᠨ ᠳ᠋ᠤ᠌ ᠢᠳᠡᠭᠦᠯᠳᠡᠭ᠃ 
       ᠬᠡᠦᠬᠡᠳ ᠬᠡᠯᠡ ᠣᠷᠣᠬᠤ ᠨᠢ ᠤᠳᠠᠭᠠᠨ ᠪᠠᠢᠪᠠᠯ《 ᠪᠢᠯᠡᠭᠦᠦ ᠴᠢᠯᠠᠭᠤ》 ᠭᠡᠰᠡᠨ ᠦᠭᠡ ᠶ᠋ᠢ ᠪᠠᠢᠨ ᠳᠠᠬᠢᠨ ᠬᠡᠯᠡᠭᠦᠯᠦᠨ᠎ᠡ᠂ ᠪᠠᠰᠠ ᠭᠣᠷᠢ ᠦᠭᠡᠢ ᠪᠣᠯ ᠰᠦᠮ᠎ᠡ ᠶ᠋ᠢᠨ ᠡᠭᠦᠳᠡᠨ ᠦ᠌ ᠣᠨᠢᠰᠣ ᠶ᠋ᠢ ᠨᠡᠭᠡᠭᠡᠯᠭᠡᠵᠦ ᠳᠣᠮᠨᠣᠳᠠᠭ᠃ 
       ᠬᠡᠦᠬᠡᠳ ᠡᠴᠢᠭᠡ ᠡᠬᠡ ᠶ᠋ᠢᠨ ᠢ᠋ᠶ᠋ᠡᠨ ᠦᠭᠡ  ᠶ᠋ᠢ ᠰᠣᠨᠣᠰᠬᠤ ᠦᠭᠡᠢ ᠶᠠᠷᠳᠠᠭᠯᠠᠭᠠᠳ ᠪᠠᠢᠪᠠᠯ ᠲᠡᠮᠦᠷ ᠢ᠋ᠶ᠋ᠡᠷ ᠳᠣᠮᠨᠣᠨ ᠲᠤᠶᠠᠳᠠᠭ᠃
       ᠬᠡᠦᠬᠡᠳ ᠬᠥᠯ ᠳ᠋ᠦ᠍ ᠣᠷᠣᠬᠤ ᠦᠭᠡᠢ ᠤᠳᠠᠭᠠᠨ ᠪᠠᠢᠪᠠᠯ ᠬᠥᠯ ᠢ᠋ ᠨᠢ ᠴᠠᠭᠠᠨ ᠤᠲᠠᠰᠤ ᠪᠠᠷ ᠲᠤᠱᠠᠵᠤ ᠠᠯᠬᠤᠭᠤᠯᠵᠤ ᠪᠠᠢᠭᠠᠳ ᠴᠠᠭᠠᠨ ᠤᠲᠠᠰᠤ ᠶ᠋ᠢ ᠨᠢ ᠬᠠᠢᠴᠢᠯᠠᠵᠤ ᠬᠠᠶᠠᠨ᠎ᠠ᠂ ᠲᠡᠭᠡᠭᠡᠳ ᠪᠦᠳᠦᠷᠢᠵᠦ ᠣᠢᠴᠢᠬᠤ ᠳ᠋ᠤ᠌ ᠲᠣᠰᠴᠤ ᠠᠪᠤᠭᠠᠳ ᠳᠠᠬᠢᠨ ᠠᠯᠬᠤᠭᠤᠯᠤᠨ᠎ᠠ᠂ ᠡᠨᠡ ᠲᠣᠮ ᠢ᠋ ᠬᠢᠪᠡᠯ ᠠᠮᠠᠷᠬᠠᠨ ᠬᠥᠯ ᠳ᠋ᠦ᠍ ᠣᠷᠣᠳᠠᠭ᠃ 
       ᠨᠢᠯᠬ᠎ᠠ ᠬᠡᠦᠬᠡᠳ ᠦ᠋ᠨ ᠬᠦᠢ《 ᠬᠣᠢᠲᠤᠬᠢ ᠭᠡᠳᠡᠭ》 ᠢ᠋ ᠬᠠᠮᠢᠶ᠎ᠠ ᠦᠭᠡᠢ ᠬᠠᠶᠠᠳᠠᠭ ᠦᠭᠡᠢ᠂ ᠭᠦᠨ ᠨᠦᠬᠡ ᠮᠠᠯᠲᠠᠵᠤ ᠪᠤᠯᠠᠳᠠᠭ᠂ ᠨᠤᠲᠤᠭ ᠲᠠᠭᠠᠨ ᠬᠠᠢᠷᠠᠲᠠᠢ ᠬᠥᠮᠦᠨ ᠪᠤᠯᠠᠳᠠᠭ ᠭᠡᠨ᠎ᠡ᠂ ᠬᠦᠢ ᠪᠡᠷ ᠬᠣᠯᠪᠣᠭᠠᠰᠤᠲᠠᠢ ᠨᠤᠲᠤᠭ ᠭᠡᠳᠡᠭ ᠲᠡᠷᠡ᠃ 
       ᠤᠷᠤᠭᠤᠯ ᠠᠮᠠ ᠳᠡᠭᠡᠷ᠎ᠡ ᠨᠠᠮᠤᠰᠤ ᠭᠠᠷᠬᠤ ᠶ᠋ᠢ《 ᠶᠠᠭᠤᠮ᠎ᠠ ᠢᠳᠡᠭᠡᠳ ᠠᠮᠠ ᠪᠠᠨ ᠵᠦᠯᠭᠦᠭᠰᠡᠨ ᠦᠭᠡᠢ ᠡᠴᠡ ᠴᠢᠳᠬᠥᠷ ᠳᠣᠯᠢᠶᠠᠪᠠ》 ᠭᠡᠮᠡᠨ ᠥᠯᠥᠨ ᠰᠢᠯᠦᠰᠦ ᠪᠡᠨ ᠳᠣᠯᠣᠭᠠᠨ ᠥᠷᠯᠥᠭᠡ ᠳᠦᠷᠭᠢᠨ ᠳᠣᠮᠨᠣᠨ᠎ᠠ᠂ ᠡᠰᠡᠬᠦᠯ᠎ᠡ ᠬᠠᠲᠠᠭᠰᠠᠨ ᠦᠯᠡᠢ ᠶ᠋ᠢᠨ ᠬᠠᠯᠢᠰᠤ ᠶ᠋ᠢ ᠨᠠᠭᠠᠵᠤ ᠲᠠᠯᠪᠢᠪᠠᠯ ᠡᠳᠡᠭᠡᠷᠡᠳᠡᠭ᠃ 
       ᠰᠠᠷ᠎ᠠ ᠳ᠋ᠤ᠌ ᠰᠠᠭᠤᠭᠠᠳ ᠰᠦ᠋ ᠨᠢ ᠲᠠᠲᠠᠭᠤᠷᠠᠭᠰᠠᠨ  ᠡᠮᠡᠭᠲᠡᠢ ᠳ᠋ᠦ᠍ ᠱᠠᠭᠠᠵᠠᠭᠠᠢ ᠶ᠋ᠢᠨ ᠮᠢᠬ᠎ᠠ ᠢᠳᠡᠭᠦᠯᠪᠡᠯ ᠰᠦ᠋ ᠪᠠᠭᠤᠳᠠᠭ ᠂ ᠡᠰᠡᠬᠦᠯ᠎ᠡ ᠠᠳᠤᠭᠤᠨ ᠬᠣᠮᠣᠯ ᠢ᠋ ᠴᠠᠭᠠᠰᠤᠨ ᠳ᠋ᠤ᠌ ᠪᠣᠭᠣᠵᠤ ᠪᠡᠯᠡᠭ ᠪᠣᠯᠭᠠᠵᠤ ᠥᠭᠬᠦ ᠳ᠋ᠦ᠍ ᠨᠡᠭᠡᠭᠡᠵᠦ ᠦᠵᠡᠭᠡᠳ ᠢᠨᠢᠶᠡᠯᠴᠡᠨ ᠪᠤᠳᠠᠭ᠎ᠠ ᠲᠠᠢ ᠴᠠᠢ ᠤᠤᠭᠤᠪᠠᠯ ᠰᠦ᠋ ᠪᠠᠭᠤᠳᠠᠭ᠂ ᠲᠡᠭᠡᠬᠦ ᠳ᠋ᠦ᠍ ᠬᠣᠮᠣᠯ ᠬᠦᠷᠭᠡᠭᠰᠡᠨ ᠬᠥᠮᠦᠨ ᠳᠠᠷᠠᠭ᠎ᠠ ᠨᠢ ᠦᠨᠡᠨ ᠪᠣᠣᠪᠣ ᠬᠦᠷᠭᠡᠵᠦ ᠢᠷᠡᠨ᠎ᠡ᠂ ᠬᠥᠩᠭᠡᠵᠢᠭᠰᠡᠨ ᠡᠮᠡᠭᠲᠡᠢ ᠬᠥᠮᠦᠨ ᠦ᠌ ᠶᠠᠭᠤᠮᠠᠨ ᠳ᠋ᠤ᠌ ᠳᠤᠷᠠᠯᠠᠪᠠᠯ ᠰᠦ᠋ ᠪᠠᠭᠤᠬᠤ ᠪᠠᠨ ᠪᠣᠯᠢᠳᠠᠭ ᠭᠡᠨ᠎ᠡ᠃ 
       ᠲᠡᠮᠡᠭᠡ ᠭᠣᠪᠤᠷᠤᠲᠡᠪᠡᠯ  ᠦᠬᠦᠭᠰᠡᠨ ᠬᠥᠮᠦᠨ ᠦ᠌ ᠬᠡᠭᠦᠷ ᠢ᠋  ᠭᠣᠳᠣᠯᠠᠭᠰᠠᠨ ᠶᠣᠳᠤᠷ ᠮᠣᠳᠣ ᠪᠠᠷ ᠴᠣᠬᠢᠨ ᠳᠣᠮᠨᠣᠳᠠᠭ᠃ 
       ᠲᠥᠯ ᠢᠮᠨᠡᠬᠦ ᠳ᠋ᠡᠭᠡᠨ ᠬᠠᠢᠴᠢᠯᠠᠵᠤ ᠠᠪᠤᠭᠰᠠᠨ ᠬᠡᠰᠡᠭ ᠢ᠋ ᠬᠠᠮᠢᠶ᠎ᠠ ᠨᠠᠮᠢᠶ᠎ᠠ ᠦᠭᠡᠢ ᠬᠠᠶᠠᠬᠤ ᠦᠭᠡᠢ᠂ ᠰᠢᠷᠭᠤᠯᠵᠢ ᠶ᠋ᠢᠨ ᠡᠭᠦᠷ ᠲᠦ᠍ ᠬᠢᠨ᠎ᠡ ᠰᠢᠷᠭᠤᠯᠵᠢ ᠰᠢᠭ᠋  ᠣᠯᠠᠨ ᠦᠷᠡᠵᠢᠨ᠎ᠡ ᠭᠡᠳᠡᠭ᠃ 
       ᠨᠣᠬᠠᠢ ᠪᠠᠢᠨ ᠳᠠᠬᠢᠨ ᠤᠯᠢᠭᠠᠳ ᠵᠣᠭᠰᠣᠬᠤ ᠦᠭᠡᠢ ᠪᠣᠯ ᠢᠳᠡᠬᠦ ᠶᠠᠭᠤᠮ᠎ᠠ ᠥᠭᠴᠦ ᠲᠣᠯᠣᠭᠠᠢ ᠶ᠋ᠢ ᠨᠢ  ᠢᠯᠢᠵᠦ《 ᠵᠦᠭᠡᠷ ᠵᠦᠭᠡᠷ ᠪᠤᠤ ᠣᠯᠢᠭᠠᠳ  ᠪᠠᠢ》 ᠭᠡᠵᠦ ᠲᠠᠢᠳᠬᠤᠷᠠᠭᠤᠯᠵᠤ᠂ ᠶᠠᠭ ᠵᠣᠭᠰᠣᠬᠤ ᠦᠭᠡᠢ ᠪᠣᠯ ᠪᠤᠵᠠᠷ ᠤ᠋ᠨ ᠵᠠᠰᠠᠯ ᠬᠢᠯᠭᠡᠳᠡᠭ᠃ 
       ᠲᠠᠬᠢᠶ᠎ᠠ ᠡᠳᠦᠷ ᠢ᠋ᠶ᠋ᠡᠷ ᠳᠤᠤᠭᠠᠷᠤᠭᠠᠳ ᠪᠠᠢᠪᠠᠯ ᠬᠢᠲᠠᠳ ᠬᠥᠮᠦᠨ ᠳ᠋ᠦ᠍ ᠥᠭᠴᠦ ᠠᠯᠠᠭᠤᠯᠳᠠᠭ᠂ ᠭᠠᠵᠠᠷ ᠬᠥᠳᠡᠯᠦᠨ᠎ᠡ ᠭᠡᠳᠡᠭ᠃ 
       ᠨᠣᠬᠠᠢ ᠦᠬᠦᠪᠡᠯ ᠭᠦᠨ ᠨᠦᠬᠡ ᠮᠠᠯᠲᠠᠵᠤ ᠰᠡᠭᠦᠯ ᠢ᠋ ᠨᠢ ᠣᠭᠲᠣᠯᠵᠤ ᠳᠡᠷᠡᠯᠡᠭᠦᠯᠦᠨ ᠠᠮᠠᠨ ᠳ᠋ᠤ᠌ ᠨᠢ ᠰᠢᠷ᠎ᠠ ᠲᠣᠰᠣ ᠡᠮᠬᠦᠭᠦᠯᠵᠦ ᠪᠤᠯᠠᠳᠠᠭ᠂ ᠳᠠᠷᠠᠭ᠎ᠠ ᠲᠥᠷᠥᠯ ᠳ᠋ᠡᠭᠡᠨ ᠬᠥᠮᠦᠨ ᠪᠣᠯᠵᠤ ᠲᠥᠷᠥᠲᠦᠭᠡᠢ ᠭᠡᠰᠡᠨ ᠤᠬᠠᠭᠠᠨ᠃ 



    ᠦᠰᠦᠭ ᠠᠮᠢᠯᠠᠭᠤᠯᠤᠭᠴᠢ᠄ ᠪᠣᠷᠵᠢᠭᠢᠨ᠂ ᠴᠠᠶ᠋ᠢᠯᠭᠠᠨ
        ᠦᠰᠦᠭ ᠬᠢᠨᠠᠭᠴᠢ᠄  ᠨᠠᠷᠠᠨᠠᠭᠠᠰᠢ