ᠵᠡᠭᠦᠳᠦᠨ - ᠷ ᠂ ᠴᠣᠢᠨᠣᠮ Зүүдэн – Р ᠂ Чойном ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠵᠡᠭᠦᠳᠦᠨ - ᠷ ᠂ ᠴᠣᠢᠨᠣᠮ Зүүдэн – Р ᠂ Чойном

ᠵᠡᠭᠦᠳᠦᠨ - ᠷ ᠂ ᠴᠣᠢᠨᠣᠮ Зүүдэн – Р ᠂ Чойном

2023-07-21

285

ᠵᠡᠭᠦᠳᠦᠨ


 ᠤᠷᠢᠳᠤ ᠰᠥᠨᠢ ᠪᠢ ᠲᠠᠨᠢᠯ ᠦ᠋ᠨ ᠶ᠋ᠢᠡᠨ ᠠᠪᠠᠭᠠᠢ ᠲᠠᠢ
 ᠤᠴᠢᠷ ᠦᠭᠡᠢ ᠰᠠᠶ᠋ᠢᠨ ᠪᠣᠯᠴᠢᠬᠠᠵᠠᠢ ᠭᠡᠵᠦ ᠵᠡᠭᠦᠲ‍ᠦᠯᠡᠯ᠎ᠡ᠂
 ᠬᠣᠶᠠᠭᠤᠯᠠ ᠵᠡᠭᠦᠦ ᠣᠷᠣᠬᠤ ᠵᠠᠢ ᠦᠭᠡᠢ ᠳᠠᠰᠴᠤ
 ᠬᠣᠶ᠋ᠢᠨ᠎ᠠ ᠤᠷᠢᠲ‍ᠤᠬᠢ ᠪᠠᠨ ᠮᠠᠷᠲᠠᠨ ᠢᠨᠠᠭᠯᠠᠭᠰᠠᠨ ᠪᠣᠯᠤᠯᠲᠠᠢ᠃

 ᠳᠠᠯᠳᠠ ᠢᠨᠠᠭ ᠦ᠋ᠨ ᠵᠣᠪᠠᠯᠠᠩ ᠪᠦᠬᠦᠨ ᠢ ᠡᠲ᠌ᠯᠡᠵᠦ
 ᠳᠠᠰᠤᠭᠰᠠᠨ ᠪᠦᠰᠡᠭᠦᠢ ᠨᠠᠮᠠᠶ᠋ᠢ ᠴᠢᠷᠡᠶ᠋ᠢᠴᠢᠯᠠᠨ ᠤᠬᠢᠯᠠᠨ᠎ᠠ
 ᠠᠮᠠᠷᠠᠭ ᠳᠤᠷᠠᠯᠠᠯ᠂ ᠨᠥᠬᠥᠷ ᠵᠢᠷᠤᠮ ᠦ᠋ᠨ ᠵᠠᠪᠰᠠᠷ
 ᠠᠴᠠ ᠶ᠋ᠢᠨ ᠱᠠᠯᠠᠭᠠᠨ ᠳ᠋ᠦ᠍ ᠭᠠᠭᠴᠠᠬᠠᠨ ᠵᠢᠷᠦᠬᠡ ᠲᠠᠷᠴᠢᠯᠠᠨ᠎ᠠ᠃

 ᠬᠥᠮᠦᠨ ᠪᠦᠬᠦᠨ ᠮᠡᠳᠡᠭᠰᠡᠭᠡᠷ ᠪᠠᠶ᠋ᠢᠵᠤ  ᠰᠦᠢᠷᠡᠳᠡᠭ
 ᠬᠦᠴᠦᠲᠦ ᠬᠣᠣᠷ ᠦ᠋ᠨ ᠠᠷᠬᠠᠭ ᠠᠮᠲᠠᠨ  ᠳ᠋ᠦ᠍ ᠣᠶ᠋ᠢᠵᠤ
 ᠬᠥᠮᠦᠨ ᠪᠦᠬᠦᠨ ᠡᠴᠦᠰ ᠰᠡᠭᠦᠯ ᠳ᠋ᠡᠭᠡᠨ ᠬᠣᠬᠢᠷᠠᠲ‍ᠠᠭ
 ᠬᠡᠴᠡᠭᠦᠦ ᠳᠠᠪᠠᠭᠠᠨ  ᠳ᠋ᠦ᠍ ᠡᠷ᠎ᠡ ᠪᠡᠶ᠎ᠡ ᠭᠠᠭᠴᠠᠭᠠᠷᠲ‍ᠠᠪᠠ᠃

 ᠭᠡᠮ ᠦᠭᠡᠢ ᠲᠠᠨᠢᠯ ᠦ᠋ᠨ ᠪᠠᠶ᠋ᠢᠬ᠋᠎ᠠ ᠡᠨᠡ ᠬᠣᠷᠣ᠎ᠠ  ᠳ᠋ᠦ᠍
 ᠬᠡᠮᠲᠡᠢ ᠮᠠᠭᠤ ᠪᠡᠶ᠎ᠡ ᠪᠠᠭᠲᠠᠵᠤ ᠰᠢᠩᠭᠡᠬᠦ ᠭᠠᠵᠠᠷ ᠦᠭᠡᠢ
 ᠤᠬᠢᠯᠠᠬᠤ ᠪᠠᠭᠠᠲ‍ᠠᠵᠤ ᠦᠬᠦᠬᠦ ᠶᠡᠬᠡᠲᠡᠵᠦ ᠪᠠᠶ᠋ᠢᠲᠠᠯ᠎ᠠ
 ᠤᠷᠢᠳᠤ ᠰᠥᠨᠢ ᠶ᠋ᠢᠨ ᠨᠥᠢᠷ ᠡᠴᠡ ᠠᠱᠶ᠋ᠭᠦᠢ ᠨᠢᠭᠡ ᠰᠡᠷᠡᠯ᠎ᠡ᠃

 ᠬᠥᠭᠡᠷᠦᠬᠦᠨ ᠲᠡᠷᠡ ᠪᠦᠰᠡᠭᠦᠢ ᠶ᠋ᠢᠨ ᠢᠨᠠᠭ ᠨᠢ ᠪᠣᠯᠤᠬ᠋᠎ᠠ ᠦᠭᠡᠢ ᠳ᠋ᠡᠭᠡᠨ
 ᠬᠥᠨᠲ‍ᠡᠭᠦᠷ ᠨᠢᠭᠡᠨ ᠬᠠᠷᠠᠮᠰᠠᠯ ᠵᠢᠷᠦᠬᠡᠨ  ᠳ᠋ᠦ᠍ ᠰᠤᠭᠤᠨᠠᠭᠯᠠᠪᠠᠴᠤ
 ᠬᠥᠭᠡᠷᠦᠬᠦᠢ ᠨᠢᠭᠡᠨ ᠲᠠᠨᠢᠯ ᠳ᠋ᠠᠭᠠᠨ ᠭᠡᠮᠲᠡᠨ ᠪᠣᠯᠤᠬ᠋᠎ᠠ ᠦᠭᠡᠢ ᠳ᠋ᠡᠭᠡᠨ
 ᠬᠥᠭᠡᠷᠴᠦ ᠪᠠᠶᠠᠰᠬᠤ ᠶ᠋ᠢᠨ ᠡᠷᠬᠡᠨ  ᠳ᠋ᠦ᠍ ᠠᠭᠤᠵᠢᠮ ᠠᠮᠢᠰᠬᠤᠬ᠋᠎ᠠ ᠠᠪᠤᠯ᠎ᠠ᠃

※ ᠢᠷᠡᠯᠲᠡ᠄
《 ᠷ · ᠴᠣᠶ᠋ᠢᠨᠣᠮ ᠦ᠋ᠨ ᠰᠢᠯᠦᠭ ᠵᠣᠬᠢᠶᠠᠯ ᠬᠤᠷᠢᠶᠠᠬᠤᠢ — 》
            — ᠤᠶᠠᠩᠬ᠋᠎ᠠ ᠶ᠋ᠢᠨ ᠰᠢᠯᠦᠭ ᠡᠴᠡ ᠬᠠᠭᠤᠯᠪᠠ ᠃
             ᠪᠢ‍  · ᠳᠠᠮᠳᠢᠨᠰᠦ᠋ᠷᠦᠩ ᠡᠮᠬᠢᠤᠠᠬᠡᠨ ᠨᠠᠶ᠋ᠢᠷᠠᠭᠤᠯᠪᠠ
             ᠬᠠᠷᠢᠭᠤᠴᠠᠭᠰᠠᠨ ᠨᠠᠶ᠋ᠢᠷᠠᠭᠤᠯᠤᠭᠴᠢ ᠄ ᠪᠣᠷᠤᠨᠤᠳ ᠳᠣᠷᠵᠢ

  ᠦᠰᠦᠭ ᠠᠮᠢᠯᠠᠭᠤᠯᠤᠭᠴᠢ᠄ ᠰᠡᠷᠭᠦᠯᠡᠩ
     ᠬᠢᠨᠠᠭᠴᠢ᠄ ᠣᠤ‍ᠠᠬᠠᠨᠰᠣ᠎ᠠ