ᠭᠡᠷᠢᠶᠡᠰᠯᠡᠯ - ᠷ ᠂ ᠴᠣᠢᠨᠣᠮ Гэрээслэл – Р ᠂ Чойном ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠭᠡᠷᠢᠶᠡᠰᠯᠡᠯ - ᠷ ᠂ ᠴᠣᠢᠨᠣᠮ Гэрээслэл – Р ᠂ Чойном

ᠭᠡᠷᠢᠶᠡᠰᠯᠡᠯ - ᠷ ᠂ ᠴᠣᠢᠨᠣᠮ Гэрээслэл – Р ᠂ Чойном

2023-07-21

263

ᠭᠡᠷᠢᠶᠡᠰᠯᠡᠯ


 ᠠᠮᠢᠰᠬᠤᠯ ᠶ᠋ᠢᠠᠨ ᠮᠥᠤ‍ᠠᠲ‍ᠥᠬᠡᠨ ᠬᠤᠷᠢᠶᠠᠬᠤ  ᠳᠤ ᠮᠢᠨᠢ
 ᠠᠵᠢᠯ ᠪᠣᠯᠵᠤ ᠪᠤᠤ ᠰᠠᠨᠲ‍ᠤᠷᠤᠭᠠᠷᠠᠢ
 ᠠᠷᠢᠭᠤᠨ ᠦᠨᠦᠷᠲᠡᠨ᠂ ᠡᠯᠲ‍ᠡᠪ ᠳᠠᠪᠤᠤ
 ᠠᠪᠰᠠ ᠮᠠᠪᠰᠠ ᠶ᠋ᠢᠨ ᠬᠡᠷᠡᠭ ᠦᠭᠡᠢ ᠰᠢᠦ!

 ᠶᠠᠭᠠᠬᠢᠵᠤ ᠴᠣᠬᠣᠮ ᠦᠬᠦᠭᠡ ᠶᠤᠮ ᠪᠤᠢ ᠭᠡᠵᠦ
 ᠢᠷᠠᠵᠤ ᠣᠭᠲᠣᠯᠤᠭᠰᠠᠨ ᠪ ᠬᠡᠷᠡᠭ ᠦᠭᠡᠢ 
 ᠲᠡᠷᠡ ᠲᠡᠢ ᠲᠡᠷᠡ ᠦᠭᠡᠢ ᠦᠬᠦᠭᠰᠡᠨ ᠰᠢᠯᠲᠠᠭᠠᠨ ᠮᠢᠨᠢ
 ᠲᠡᠨᠡᠭ ᠬᠥᠮᠦᠨ  ᠳᠤ ᠴᠦ᠍ ᠲᠣᠲ‍ᠣᠷᠬᠠᠢ ᠶᠤᠮ ᠴᠢᠨᠢ᠃

 ᠪᠤᠷᠤᠭᠤᠲᠠᠨ ᠬᠦᠦ ᠴᠢᠨᠢ ᠮᠥᠩᠬᠡᠵᠢᠯ᠎ᠡ ᠭᠡᠵᠦ
 ᠪᠤᠭᠤᠷᠤᠯ ᠡᠵᠢ ᠳᠤ ᠮᠢᠨᠢ ᠳᠣᠭᠣᠯᠭᠠᠭᠠᠷᠠᠢ
 ᠣᠷᠴᠢᠯᠠᠩ  ᠳᠤ ᠬᠠᠮᠠᠭᠠᠯᠠᠬᠤ ᠬᠥᠮᠦᠨ ᠦᠭᠡᠢ ᠪᠣᠯᠤᠯ᠎ᠠ ᠭᠡᠵᠦ
 ᠥᠬᠢᠨ ᠳᠡᠭᠦᠦ ᠨᠠᠷ᠎ ᠲᠤ ᠮᠢᠨᠢ ᠰᠣᠨᠣᠰᠬᠠᠭᠠᠷᠠᠢ!

 ᠥᠬᠢᠨ ᠳᠡᠭᠦᠦ ᠨᠠᠷ ᠠ᠋ᠴᠠ ᠥᠭᠡᠷ᠎ᠡ ᠴᠦ᠍ ᠦᠭᠡᠢ
 ᠣᠶᠤᠨᠴᠢᠮᠡᠭ ᠲᠤ ᠮᠢᠨᠢ ᠬᠡᠯᠡᠭᠡᠷᠡᠢ
 ᠬᠠᠯᠬ᠎ᠠ ᠶ᠋ᠢᠨ ᠢᠷᠠᠭᠤ ᠨᠠᠶ᠋ᠢᠷᠠᠭᠴᠢ ᠴᠢᠮ᠎ᠠ  ᠳᠤ
 ᠬᠠᠶ᠋ᠢᠷᠠᠲᠠᠢ ᠠ᠋ᠴᠠ ᠬᠠᠶ᠋ᠢᠷᠠᠲᠠᠢ ᠪᠠᠶ᠋ᠢᠬᠰᠠᠨ ᠶᠤᠮ ᠭᠡᠵᠦ

 ᠡᠨᠡ ᠴᠥᠢᠨᠤᠮ ᠦ᠋ᠨ ᠰᠦᠨᠡᠰᠦ ᠮᠥᠨ ᠭᠡᠵᠦ
 ᠡᠴᠦᠰ ᠦ᠋ᠨ ᠰᠢᠯᠦᠭ ᠢ ᠮᠢᠨᠢ ᠲᠡᠭᠦᠨ ᠳᠤ  ᠥᠭᠭᠦᠭᠡᠷᠡᠢ
 ᠡᠷ᠎ᠡ ᠨᠥᠬᠥᠳ᠂ ᠢᠷᠠᠭᠤ ᠨᠠᠶ᠋ᠢᠷᠠᠭᠴᠢ ᠴᠥᠮ  ᠳᠤ
 ᠡᠯᠢᠭᠡ ᠵᠢᠷᠦᠬᠡᠨ ᠤ ᠮᠢᠨᠢ ᠦᠭᠡ ᠶ᠋ᠢ ᠰᠣᠨᠣᠰᠬᠠᠭᠠᠷᠠᠢ!

 ᠳᠠᠷᠠᠬ᠋᠎ᠠ ᠨᠢ ᠨᠠᠮᠠᠶ᠋ᠢ ᠰᠢᠲᠠᠭᠠᠵᠤ
 ᠳᠠᠷᠬᠠᠨ ᠰᠤᠮᠤ ᠶ᠋ᠢᠨ ᠪᠣᠷᠣ ᠬᠤᠸᠠ ᠭᠡᠳᠡᠭ
 ᠡᠵᠡᠭᠦᠢ ᠬᠡᠭᠡᠷ᠎ᠡ ᠶ᠋ᠢᠨ ᠬᠠᠪᠤᠷᠵᠢᠶᠠᠨ ᠳᠡᠭᠡᠷ᠎ᠡ
 ᠡᠨᠡᠬᠡᠨ ᠴᠢᠨᠲ‍ᠠᠷ ᠢ ᠮᠢᠨᠢ ᠰᠠᠴᠤᠭᠠᠷᠠᠢ!

 ᠥᠭᠡᠷ᠎ᠡ ᠨᠠᠳᠠ ᠶᠠᠭᠤ  ᠴᠦ᠍ ᠬᠡᠷᠡᠭ ᠦᠭᠡᠢ
 ᠳᠤᠷ᠎ᠠ ᠪᠠᠷ ᠰᠢᠯᠦᠭ ᠮᠢᠨᠢ ᠲᠡᠷᠡ ᠲᠡᠢ ᠲᠡᠷᠡ ᠦᠭᠡᠢ
 ᠳᠠᠭᠤᠯᠠᠭᠰᠠᠭᠠᠷ᠂ ᠤᠬᠢᠯᠠᠭᠰᠠᠭᠠᠷ
 ᠦᠯᠡᠲ‍ᠡᠬᠦ ᠶᠤᠮ ᠴᠢᠨᠢ᠃

※ ᠢᠷᠡᠯᠲᠡ᠄
《 ᠷ · ᠴᠣᠶ᠋ᠢᠨᠣᠮ ᠦ᠋ᠨ ᠰᠢᠯᠦᠭ ᠵᠣᠬᠢᠶᠠᠯ ᠬᠤᠷᠢᠶᠠᠬᠤᠢ — 》
            — ᠤᠶᠠᠩᠬ᠋᠎ᠠ ᠶ᠋ᠢᠨ ᠰᠢᠯᠦᠭ ᠡᠴᠡ ᠬᠠᠭᠤᠯᠪᠠ ᠃
             ᠪᠢ‍  · ᠳᠠᠮᠳᠢᠨᠰᠦ᠋ᠷᠦᠩ ᠡᠮᠬᠢᠤᠠᠬᠡᠨ ᠨᠠᠶ᠋ᠢᠷᠠᠭᠤᠯᠪᠠ
             ᠬᠠᠷᠢᠭᠤᠴᠠᠭᠰᠠᠨ ᠨᠠᠶ᠋ᠢᠷᠠᠭᠤᠯᠤᠭᠴᠢ ᠄ ᠪᠣᠷᠤᠨᠤᠳ ᠳᠣᠷᠵᠢ

   ᠦᠰᠦᠭ ᠠᠮᠢᠯᠠᠭᠤᠯᠤᠭᠴᠢ᠄  ᠭᠠᠷᠮ᠎ᠠ
    ᠦᠰᠦᠭ ᠬᠢᠨᠠᠭᠴᠢ᠄ ᠬᠣᠩ ᠮᠧᠢ