ᠲᠠᠩᠰᠤᠭ ᠲᠠᠯ᠎ᠠ ᠶ᠋ᠢᠨ ᠮᠠᠯᠴᠢᠳ ᠲᠤ ᠪᠠᠨ - ᠨᠣᠰᠤᠷᠠᠨ Тансаг талын малчдадаа - Носуран
ᠲᠠᠩᠰᠤᠭ ᠲᠠᠯ᠎ᠠ ᠶ᠋ᠢᠨ ᠮᠠᠯᠴᠢᠳ ᠲᠤ ᠪᠠᠨ
ᠨᠣᠰᠣᠷᠡᠨ ᠪ ᠪᠦᠲᠦᠭᠡᠯ
ᠮᠠᠩᠨᠤᠭ ᠲᠠᠯ᠎ᠠ ᠪᠠᠨ ᠪᠦᠷᠬᠦᠭᠰᠡᠨ
ᠮᠢᠩᠭᠠᠨ ᠰᠦᠷᠦᠭ ᠦ᠋ᠨ ᠰᠣᠲᠣᠨ
ᠮᠢᠨᠲᠠᠰᠤᠨ ᠴᠠᠭᠠᠨ ᠬᠤᠷᠠᠬ᠋ᠠ ᠨᠤᠭᠤᠳ ᠮᠢᠨᠢ
ᠮᠠᠯᠴᠢᠨ ᠬᠥᠮᠦᠨ ᠪ ᠡᠷᠲᠡᠨᠢ ᠶᠤᠮ
ᠴᠠᠶ᠋ᠢᠲᠠᠮ ᠦ᠋ᠨ ᠲᠠᠯ᠎ᠠ ᠳ᠋ᠦ᠍ ᠪᠠᠨ ᠲᠣᠭᠯᠠᠲᠠᠭ
ᠴᠢᠨᠲᠠᠭᠠᠨ ᠴᠠᠭᠠᠨ ᠢᠰᠢᠭᠡ ᠨᠤᠭᠦᠳ ᠮᠢᠨᠢ
ᠴᠡᠶ᠋ᠢᠯᠭᠠᠨ ᠰᠡᠤᠠᠬᠢᠯᠲᠦ ᠮᠠᠯᠴᠢᠳ ᠦ᠋ᠨ ᠮᠢᠨᠢ
ᠴᠠᠭᠠᠨ ᠠᠯᠲᠠ ᠨᠢ ᠪᠠᠶ᠋ᠢᠬ᠋᠎ᠠ ᠰᠢᠦ
ᠰᠦᠲᠦ ᠶ᠋ᠢᠨ ᠬᠣᠭᠣᠯᠠᠢ ᠪᠠᠷ ᠪᠡᠯᠴᠢᠳᠡᠭ
ᠱ᠌ᠢᠷᠦᠨ ᠤᠯᠠᠭᠠᠨ ᠲᠤᠭᠤᠯ ᠦ᠋ᠳ ᠮᠢᠨᠢ
ᠠᠵᠢᠯᠴᠢ ᠪᠣᠷᠣᠭᠵᠢᠭᠤᠨ ᠮᠠᠯᠴᠢᠳ ᠦ᠋ᠨ ᠮᠢᠨᠢ
ᠠᠲᠠᠯ ᠠᠮᠢᠲᠤᠷᠠᠯ ᠦ᠋ᠨ ᠬᠢᠨᠢ ᠬᠠᠨᠢ ᠪᠠᠶ᠋ᠢᠬ᠋᠎ᠠ ᠶᠤᠮ
ᠥᠷᠭᠡᠨ ᠲᠠᠯ᠎ᠠ ᠳ᠋ᠦ᠍ ᠪᠠᠨ ᠪᠡᠯᠴᠢᠳᠡᠭ
ᠥᠰᠪᠥᠷᠢ ᠶ᠋ᠢᠨ ᠬᠥᠭᠡᠷᠦᠬᠡᠨ ᠤᠨᠠᠬ᠋᠎ᠠ ᠨᠤᠭᠤᠳ ᠮᠢᠨᠢ
ᠥᠷᠯᠥᠭ ᠳᠠᠶ᠋ᠢᠴᠢᠨ ᠮᠠᠯᠴᠢᠳ ᠦ᠋ᠨ ᠮᠢᠨᠢ
ᠥᠷᠥᠴᠡ ᠵᠢᠷᠦᠬᠡᠨ ᠪ ᠬᠢᠨᠢ ᠪᠠᠶᠠᠰᠤᠯ ᠪᠠᠶ᠋ᠢᠬ᠋᠎ᠠ
ᠰᠠᠷᠠᠭᠤᠯ ᠨᠤᠲᠤᠭ ᠶ᠋ᠢᠠᠨ ᠴᠢᠮᠡᠭᠯᠡᠭᠰᠡᠨ
ᠰᠢᠷᠭᠠᠯ ᠬᠠᠯᠢᠭᠤᠨ ᠪᠣᠲᠣᠭᠣ ᠨᠤᠭᠤᠳ ᠮᠢᠨᠢ
ᠰᠠᠶ᠋ᠢᠬᠠᠨ ᠰᠡᠤᠠᠬᠢᠯᠲᠦ ᠮᠠᠯᠴᠢᠳ ᠦ᠋ᠨ ᠮᠢᠨᠢ
ᠰᠢᠨ᠎ᠡ ᠠᠮᠢᠲᠤᠷᠠᠯ ᠦ᠋ᠨ ᠬᠢᠨᠢ ᠪᠡᠯᠭᠡᠲᠡᠯ ᠪᠠᠶ᠋ᠢᠬ᠋᠎ᠠ ᠶᠤᠮ
ᠲᠠᠯ᠎ᠠ ᠨᠤᠲᠤᠭ ᠦ᠋ᠨ ᠮᠢᠨᠢ ᠡᠷᠲᠡᠨᠢ
ᠲᠠᠪᠤᠨ ᠬᠣᠰᠢᠭᠤ ᠮᠠᠯ ᠰᠦᠷᠦᠭ ᠮᠢᠨᠢ
ᠳᠠᠶ᠋ᠢᠴᠢᠨ ᠵᠣᠷᠢᠬᠲᠤ ᠮᠠᠯᠴᠢᠳ ᠦ᠋ᠨ ᠮᠢᠨᠢ
ᠲᠠᠩᠰᠤᠭ ᠪᠠᠶᠠᠨ ᠬᠥᠷᠥᠩᠭᠡ ᠨᠢ ᠪᠠᠶ᠋ᠢᠬ᠋᠎ᠠ ᠶᠤᠮ
ᠴᠡᠩᠬᠡᠷᠯᠡᠨ ᠨᠡᠯᠦᠢᠭᠰᠡᠨ ᠠᠭᠤᠲᠠᠮ ᠲᠠᠯ᠎ᠠ
ᠴᠢᠩ ᠵᠣᠷᠢᠬᠲᠤ ᠮᠠᠯᠴᠢᠳ ᠦ᠋ᠨ ᠮᠢᠨᠢ ᠬᠠᠯᠠᠭᠤᠨ ᠥᠯᠥᠭᠡᠢ
ᠴᠡᠪᠡᠷ ᠲᠤᠩᠭᠠᠯᠠᠭ ᠠᠭᠠᠷ ᠠᠮᠢᠰᠬᠤᠯ ᠲᠠᠢ
ᠴᠡᠩᠭᠡᠯ ᠵᠢᠷᠭᠠᠯ ᠦ᠋ᠨ ᠣᠷᠣᠨ ᠪᠠᠶ᠋ᠢᠬ᠋᠎ᠠ
ᠥᠷᠭᠡᠨ ᠲᠡᠨᠢᠭᠡᠷ ᠭᠣᠪᠢ ᠳ᠋ᠦ᠍ ᠪᠠᠨ
ᠦᠷᠡᠵᠢᠯᠲᠦ ᠪᠠᠶᠠᠨ ᠰᠦᠷᠦᠭ ᠲᠡᠢ
ᠥᠨᠢᠷ ᠠᠮᠢᠲᠤᠷᠠᠯ ᠶ᠋ᠢᠠᠨ ᠴᠣᠭᠴᠠᠯᠠᠭᠠᠳ
ᠥᠭᠡᠲᠡᠯᠡᠨ ᠳᠠᠪᠰᠢᠬ᠋ᠠ ᠮᠠᠯᠴᠢᠳ ᠮᠢᠨᠢ
ᠰᠠᠷᠠᠭᠤᠯ ᠰᠠᠶ᠋ᠢᠬᠠᠨ ᠨᠤᠲᠤᠭ ᠲᠤ ᠪᠠᠨ
ᠰᠢᠨ᠎ᠡ ᠠᠮᠢᠲᠤᠷᠠᠯ ᠶ᠋ᠢᠠᠨ ᠴᠣᠭᠴᠠᠯᠠᠨ᠎ᠠ
ᠡᠶ᠎ᠡ ᠵᠣᠬᠢᠴᠠᠯᠲᠤ ᠮᠠᠯᠴᠢᠳ ᠮᠢᠨᠢ
ᠡᠩᠬᠡ ᠢᠷᠡᠭᠡᠲᠦᠢ ᠵᠦᠭ ᠤᠷᠤᠭᠰᠢᠯᠠᠨ᠎ᠠ
ᠬᠥᠬᠥᠭᠡ ᠰᠢᠪᠠᠭᠤ ᠳᠣᠩᠭᠣᠲᠤᠭᠰᠠᠨ
ᠬᠥᠭᠵᠢᠯᠲᠦ ᠵᠢᠷᠭᠠᠯ ᠦ᠋ᠨ ᠥᠯᠥᠭᠡᠢ ᠮᠢᠨᠢ
ᠬᠦᠴᠦᠷᠬᠡᠭ ᠳᠠᠶ᠋ᠢᠴᠢᠨ ᠮᠠᠯᠴᠢᠳ ᠮᠢᠨᠢ
ᠬᠦᠰᠡᠯᠲᠦ ᠢᠷᠡᠭᠡᠲᠦᠢ ᠪᠡᠨ ᠪᠠᠶ᠋ᠢᠭᠤᠯᠤᠨᠠ᠃
ᠦᠰᠦᠭ ᠠᠮᠢᠯᠠᠭᠤᠯᠤᠭᠴᠢ ᠄ ᠣᠤᠠᠬᠠᠨᠴᠡᠴᠡᠭ
ᠬᠢᠨᠠᠭᠴᠢ ᠪᠠᠭᠰᠢ᠄ ᠰᠡᠬᠡᠭᠡᠷᠡᠯ
