ᠮᠣᠩᠭᠣᠯ ᠢᠶᠠᠷ ᠢᠶᠠᠨ ᠭᠣᠶᠣᠳᠠᠭ-ᠬᠤᠷᠳᠤМонголоороо гоёдог-Mongolooroo Goydog-Hurd ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠣᠩᠭᠣᠯ ᠢᠶᠠᠷ ᠢᠶᠠᠨ ᠭᠣᠶᠣᠳᠠᠭ-ᠬᠤᠷᠳᠤМонголоороо гоёдог-Mongolooroo Goydog-Hurd

ᠮᠣᠩᠭᠣᠯ ᠢᠶᠠᠷ ᠢᠶᠠᠨ ᠭᠣᠶᠣᠳᠠᠭ-ᠬᠤᠷᠳᠤМонголоороо гоёдог-Mongolooroo Goydog-Hurd

ᠠᠩᠭᠢᠯᠠᠯ:ᠳᠠᠭᠤᠤ ᠬᠥᠭᠵᠢᠮ
2023-07-21

432

ᠮᠣᠩᠭᠣᠯ ᠢᠶᠠᠷ ᠢᠶᠠᠨ ᠭᠣᠶᠣᠳᠠᠭ-ᠬᠤᠷᠳᠤ

    ᠦᠭᠡ᠄ ᠱ ᠭᠦᠷᠦᠪᠠᠽᠠᠷ 
    ᠠᠶ᠎ᠠ᠄ ᠳ᠋ ᠣᠳᠬᠣᠨᠪᠠᠶᠠᠷ 
    ᠬᠤᠷᠳᠤ ᠬᠠᠮᠲᠤᠯᠢᠭ 
ᠬᠥᠨᠳᠡᠢ ᠶ᠋ᠢᠨ ᠴᠡᠴᠡᠭ ᠦ᠋ᠨ ᠠᠯᠠᠭ ᠰᠢᠭᠦᠳᠡᠷᠢ ᠪᠡᠷ ᠬᠥᠯ ᠢ᠋ᠶ᠋ᠡᠨ ᠭᠣᠶᠣᠳᠠᠭ  
ᠬᠦᠷᠡᠩ ᠲᠣᠯᠣᠭᠠᠢ ᠶ᠋ᠢᠨ ᠰᠡᠭᠦᠳᠡᠷ ᠦ᠋ᠨ ᠠᠢᠵᠠᠮ ᠬᠥᠭ ᠢ᠋ᠶ᠋ᠡᠷ ᠬᠣᠭᠣᠯᠠᠢ ᠪᠠᠨ ᠭᠣᠶᠣᠳᠠᠭ  
ᠵᠡᠷᠭᠡᠯᠭᠡᠲᠦᠭᠰᠡᠨ ᠲᠠᠯ᠎ᠠ ᠶ᠋ᠢᠨ ᠪᠠᠷᠠᠭᠠᠨ ᠨᠡᠭᠦᠳᠡᠯ ᠢ᠋ᠶ᠋ᠡᠷ ᠬᠠᠷᠠᠴᠠ ᠪᠠᠨ ᠭᠤᠶᠤᠳᠠᠭ 
ᠵᠡᠭᠡᠭᠡᠯᠳᠦᠭᠰᠡᠨ ᠰᠢᠷ᠎ᠠ ᠲᠤᠯᠤᠭᠠᠳ ᠢ᠋ᠶ᠋ᠠᠷ ᠬᠠᠶᠠᠭ᠎ᠠ ᠪᠠᠨ ᠭᠤᠶᠤᠳᠠᠭ 
ᠠᠢᠷᠠᠭ ᠲᠤ᠌ ᠨᠢ ᠠᠷᠠᠳ ᠤ᠋ᠨ ᠳᠠᠭᠤᠤ ᠢᠰᠦᠭᠰᠡᠨ ᠬᠥᠬᠦᠦᠷ ᠢ᠋ᠶ᠋ᠡᠷ ᠢ᠋ᠶ᠋ᠡᠨ ᠬᠠᠨ᠎ᠠ ᠪᠠᠨ ᠭᠤᠶᠤᠳᠠᠭ 
ᠠᠶᠠᠭᠠᠨ ᠳ᠋ᠤ᠌ ᠨᠢ ᠦᠳᠡ ᠶ᠋ᠢᠨ ᠨᠠᠷᠠᠨ ᠳᠡᠯᠪᠡᠯᠵᠡᠭᠰᠡᠨ ᠡᠪᠦᠭᠡᠳ ᠢ᠋ᠶ᠋ᠡᠷ ᠢ᠋ᠶ᠋ᠡᠨ ᠬᠣᠢᠮᠣᠷ ᠢ᠋ᠶ᠋ᠠᠨ ᠭᠤᠶᠤᠳᠠᠭ 
ᠰᠢᠷᠭᠢᠰᠢ ᠦᠭᠡᠢ ᠠᠷᠢᠭᠤᠨ ᠲᠤᠩᠭᠠᠯᠠᠭ ᠤᠰᠤ ᠶ᠋ᠢ ᠨᠢ ᠨᠠᠷᠠ ᠵᠥᠪ ᠪᠦᠰᠡᠯᠡᠵᠦ ᠭᠤᠶᠤᠳᠠᠭ 
ᠰᠢᠯᠵᠢᠰᠢ ᠦᠭᠡᠢ ᠨᠤᠲᠤᠭ ᠤ᠋ᠨ ᠠᠭᠤᠯᠠᠰ ᠢ᠋ ᠨᠠᠰᠤ ᠵᠥᠪ ᠲᠦᠰᠢᠵᠦ ᠭᠤᠶᠤᠳᠠᠭ 
ᠮᠣᠷᠢᠳ ᠡᠷᠭᠢᠭᠰᠡᠨ ᠨᠠᠭᠠᠳᠤᠮ ᠤ᠋ᠨ ᠢ᠋ᠶ᠋ᠠᠨ ᠳᠤᠷᠳᠤᠮ ᠲᠣᠭᠣᠰᠣ ᠪᠠᠷ ᠨᠢ ᠳᠡᠪᠡᠯ ᠢ᠋ᠶ᠋ᠡᠨ ᠭᠣᠶᠣᠯᠠᠳᠠᠭ
ᠮᠣᠩᠭᠣᠯ ᠭᠡᠰᠡᠨ ᠵᠢᠷᠭᠤᠭᠠᠨ ᠦᠰᠦᠭ ᠲᠡᠢ ᠪᠤᠷᠬᠠᠨ ᠨᠡᠷ᠎ᠡ ᠪᠡᠷ ᠨᠢ ᠳᠡᠯᠡᠬᠡᠢ ᠪᠡᠨ ᠴᠢᠮᠡᠨ᠎ᠡ᠃

ᠳᠥᠷᠪᠡᠨ ᠴᠠᠭ ᠤ᠋ᠨ ᠰᠡᠷᠢᠭᠦᠨ ᠰᠠᠯᠬᠢ ᠪᠠᠷ ᠬᠡᠢᠮᠣᠷᠢ ᠪᠠᠨ ᠭᠣᠶᠣᠳᠠᠭ
ᠳᠥᠷᠦᠭᠡᠨ ᠳᠡᠭᠡᠷ᠎ᠡ ᠪᠡᠨ ᠨᠠᠷᠠ ᠲᠠᠢ ᠳᠠᠪᠬᠢᠵᠤ ᠵᠠᠶᠠᠭ᠎ᠠ ᠪᠠᠨ ᠭᠣᠶᠣᠳᠠᠭ
ᠠᠩᠭᠢᠷ ᠲᠡᠭᠡᠭᠡᠭᠰᠡᠨ ᠪᠦᠯᠢᠶᠡᠨ ᠨᠠᠭᠤᠷ ᠢ᠋ᠶ᠋ᠠᠷ ᠢ᠋ᠶ᠋ᠠᠨ ᠮᠥᠷᠥᠭᠡᠳᠦᠯ ᠢ᠋ᠶ᠋ᠡᠨ ᠭᠣᠶᠣᠳᠠᠭ
ᠠᠯᠲᠠᠨ ᠰᠢᠷᠭᠠᠯ ᠨᠠᠷᠠᠨ ᠨᠤᠲᠤᠭ ᠢ᠋ ᠮᠢᠨᠢ ᠭᠤᠶᠤᠳᠠᠭ
ᠮᠣᠷᠢᠳ ᠡᠷᠭᠢᠭᠰᠡᠨ ᠨᠠᠭᠠᠳᠤᠮ ᠤ᠋ᠨ ᠢ᠋ᠶ᠋ᠠᠨ ᠳᠤᠷᠳᠤᠮ ᠲᠣᠭᠣᠰᠣ ᠪᠠᠷ ᠨᠢ ᠳᠡᠪᠡᠯ ᠢ᠋ᠶ᠋ᠡᠨ ᠭᠣᠶᠣᠯᠠᠳᠠᠭ
ᠮᠣᠩᠭᠣᠯ ᠭᠡᠰᠡᠨ ᠵᠢᠷᠭᠤᠭᠠᠨ ᠦᠰᠦᠭ ᠲᠡᠢ ᠪᠤᠷᠬᠠᠨ ᠨᠡᠷ᠎ᠡ ᠪᠡᠷ ᠨᠢ ᠳᠡᠯᠡᠬᠡᠢ ᠪᠡᠨ ᠴᠢᠮᠡᠨ᠎ᠡ᠃
ᠮᠣᠷᠢᠳ ᠡᠷᠭᠢᠭᠰᠡᠨ ᠨᠠᠭᠠᠳᠤᠮ ᠤ᠋ᠨ ᠢ᠋ᠶ᠋ᠠᠨ ᠳᠤᠷᠳᠤᠮ ᠲᠣᠭᠣᠰᠣ ᠪᠠᠷ ᠨᠢ ᠳᠡᠪᠡᠯ ᠢ᠋ᠶ᠋ᠡᠨ ᠭᠣᠶᠣᠯᠠᠳᠠᠭ
ᠮᠣᠩᠭᠣᠯ ᠭᠡᠰᠡᠨ ᠵᠢᠷᠭᠤᠭᠠᠨ ᠦᠰᠦᠭ ᠲᠡᠢ ᠪᠤᠷᠬᠠᠨ ᠨᠡᠷ᠎ᠡ ᠪᠡᠷ ᠨᠢ ᠳᠡᠯᠡᠬᠡᠢ ᠪᠡᠨ ᠴᠢᠮᠡᠨ᠎ᠡ᠃
ᠮᠣᠷᠢᠳ ᠡᠷᠭᠢᠭᠰᠡᠨ ᠨᠠᠭᠠᠳᠤᠮ ᠤ᠋ᠨ ᠢ᠋ᠶ᠋ᠠᠨ ᠳᠤᠷᠳᠤᠮ ᠲᠣᠭᠣᠰᠣ ᠪᠠᠷ ᠨᠢ ᠳᠡᠪᠡᠯ ᠢ᠋ᠶ᠋ᠡᠨ ᠭᠣᠶᠣᠯᠠᠳᠠᠭ
ᠮᠣᠩᠭᠣᠯ ᠭᠡᠰᠡᠨ ᠵᠢᠷᠭᠤᠭᠠᠨ ᠦᠰᠦᠭ ᠲᠡᠢ ᠪᠤᠷᠬᠠᠨ ᠨᠡᠷ᠎ᠡ ᠪᠡᠷ ᠨᠢ ᠳᠡᠯᠡᠬᠡᠢ ᠪᠡᠨ ᠴᠢᠮᠡᠨ᠎ᠡ᠃
ᠮᠣᠷᠢᠳ ᠡᠷᠭᠢᠭᠰᠡᠨ ᠨᠠᠭᠠᠳᠤᠮ ᠤ᠋ᠨ ᠢ᠋ᠶ᠋ᠠᠨ ᠳᠤᠷᠳᠤᠮ ᠲᠣᠭᠣᠰᠣ ᠪᠠᠷ ᠨᠢ ᠳᠡᠪᠡᠯ ᠢ᠋ᠶ᠋ᠡᠨ ᠭᠣᠶᠣᠯᠠᠳᠠᠭ
ᠮᠣᠩᠭᠣᠯ ᠭᠡᠰᠡᠨ ᠵᠢᠷᠭᠤᠭᠠᠨ ᠦᠰᠦᠭ ᠲᠡᠢ ᠪᠤᠷᠬᠠᠨ ᠨᠡᠷ᠎ᠡ ᠪᠡᠷ ᠨᠢ ᠳᠡᠯᠡᠬᠡᠢ ᠪᠡᠨ ᠴᠢᠮᠡᠨ᠎ᠡ᠃

    ᠦᠰᠦᠭ ᠠᠮᠢᠯᠠᠭᠤᠯᠤᠨ ᠦᠰᠦᠭ ᠬᠠᠲᠠᠭᠰᠠᠨ ᠨᠢ᠄ ᠪᠠᠳᠠᠷᠠᠯᠲᠤ
    ᠦᠰᠦᠭ ᠬᠢᠨᠠᠭᠰᠠᠨ ᠨᠢ ᠄ ᠢᠷᠡᠭᠡᠳᠦᠢ