ᠡᠭᠡᠴᠢ ᠳᠡᠭᠦᠦᠰEgch Duus
ᠡᠭᠡᠴᠢ ᠳᠡᠭᠦᠦᠰ
ᠬᠡᠦᠬᠡᠳ ᠦ᠋ᠨ ᠳᠠᠭᠤᠤ
ᠲᠤᠰᠠᠴᠢ ᠰᠠᠢᠨ ᠡᠭᠡᠴᠢ ᠲᠡᠢ ᠪᠢ
ᠲᠤᠷᠢᠬᠠᠨ ᠵᠢᠭᠠᠬᠠᠨ ᠳᠡᠭᠦᠦ ᠲᠡᠢ ᠪᠢ
ᠲᠣᠭᠯᠠᠨ ᠨᠠᠭᠠᠳᠬᠤ ᠡᠭᠡᠴᠢ ᠲᠡᠢ ᠪᠢ
ᠲᠣᠨᠢᠬᠠᠨ ᠬᠥᠭᠡᠷᠦᠬᠦᠨ ᠳᠡᠭᠦᠦ ᠲᠡᠢ ᠪᠢ
ᠪᠢᠳᠡ ᠠᠪᠤ ᠡᠵᠢ ᠳ᠋ᠦ᠍ ᠪᠡᠨ ᠬᠠᠢᠷᠠᠲᠠᠢ
ᠪᠢᠳᠡ ᠡᠪᠰᠡᠭᠡᠭᠴᠢ ᠨᠦ᠍ᠭᠦᠳ
ᠳᠠᠭᠤᠤ ᠵᠢᠭᠠᠳᠠᠭ ᠡᠭᠡᠴᠢ ᠲᠡᠢ ᠪᠢ
ᠳᠠᠭᠤᠨ ᠳ᠋ᠤ᠌ ᠳᠤᠷᠠᠲᠠᠢ ᠳᠡᠭᠦᠦ ᠲᠡᠢ ᠪᠢ
ᠨᠣᠮ ᠳ᠋ᠤ᠌ ᠳᠤᠷᠠᠲᠠᠢ ᠡᠭᠡᠴᠢ ᠲᠡᠢ ᠪᠢ
ᠨᠠᠮᠠᠶ᠋ᠢ ᠣᠢᠯᠠᠭᠠᠬᠤ ᠳᠡᠭᠦᠦ ᠲᠡᠢ ᠪᠢ
ᠪᠢᠳᠡ ᠠᠪᠤ ᠡᠵᠢ ᠳ᠋ᠦ᠍ ᠪᠡᠨ ᠬᠠᠢᠷᠠᠲᠠᠢ
ᠪᠢᠳᠡ ᠡᠪᠰᠡᠭᠡᠭᠴᠢ ᠨᠦ᠍ᠭᠦᠳ
ᠦᠯᠢᠭᠡᠷ ᠶᠠᠷᠢᠳᠠᠭ ᠡᠭᠡᠴᠢ ᠲᠡᠢ ᠪᠢ
ᠦᠯᠢᠭᠡᠷ ᠲᠦ᠍ ᠳᠤᠷᠠᠲᠠᠢ ᠳᠡᠭᠦᠦ ᠲᠡᠢ ᠪᠢ
ᠬᠥᠭᠡᠷᠦᠬᠦᠨ ᠵᠠᠩ ᠲᠠᠢ ᠡᠭᠡᠴᠢ ᠲᠡᠢ ᠪᠢ
ᠬᠥᠭᠵᠢᠨ ᠪᠠᠶᠠᠰᠬᠤ ᠳᠡᠭᠦᠦ ᠲᠡᠢ ᠪᠢ
ᠪᠢᠳᠡ ᠠᠪᠤ ᠡᠵᠢ ᠳ᠋ᠦ᠍ ᠪᠡᠨ ᠬᠠᠢᠷᠠᠲᠠᠢ
ᠪᠢᠳᠡ ᠡᠪᠰᠡᠭᠡᠭᠴᠢ ᠨᠦ᠍ᠭᠦᠳ
ᠡᠵᠢ ᠳ᠋ᠦ᠍ ᠪᠡᠨ ᠲᠤᠰᠠᠲᠠᠢ ᠡᠭᠡᠴᠢ ᠲᠡᠢ ᠪᠢ
ᠠᠪᠤ ᠳ᠋ᠤ᠌ ᠪᠠᠨ ᠲᠤᠰᠠᠲᠠᠢ ᠳᠡᠭᠦᠦ ᠲᠡᠢ ᠪᠢ
ᠵᠥᠩᠳᠡᠭᠡᠨ ᠲᠤᠰᠠᠯᠠᠬᠤ ᠡᠭᠡᠴᠢ ᠲᠡᠢ ᠪᠢ
ᠵᠦᠭ ᠦᠭᠡᠢ ᠬᠥᠭᠡᠷᠦᠬᠦᠨ ᠳᠡᠭᠦᠦ ᠲᠡᠢ ᠪᠢ
ᠪᠢᠳᠡ ᠠᠪᠤ ᠡᠵᠢ ᠳ᠋ᠦ᠍ ᠪᠡᠨ ᠬᠠᠢᠷᠠᠲᠠᠢ
ᠪᠢᠳᠡ ᠡᠪᠰᠡᠭᠡᠭᠴᠢ ᠨᠦ᠍ᠭᠦᠳ
ᠪᠢᠳᠡ ᠠᠪᠤ ᠡᠵᠢ ᠳ᠋ᠦ᠍ ᠪᠡᠨ ᠬᠠᠢᠷᠠᠲᠠᠢ
ᠪᠢᠳᠡ ᠡᠪᠰᠡᠭᠡᠭᠴᠢ ᠨᠦ᠍ᠭᠦᠳ
ᠦᠰᠦᠭ ᠠᠮᠢᠯᠠᠭᠤᠯᠤᠭᠴᠢ᠄ ᠬᠡᠷᠡᠢᠳ ᠨᠠᠷᠠᠰᠤ
ᠦᠰᠦᠭ ᠬᠠᠲᠠᠭᠴᠢ᠄ᠬᠡᠷᠡᠶ᠋ᠢᠳ ᠨᠠᠷᠠᠰᠤ
ᠬᠢᠨᠠᠭᠴᠢ᠄ ᠣᠤᠠᠬᠠᠨᠰᠣ᠎ᠡ
