ᠢᠨᠵᠠᠭᠠᠨ ᠨᠢᠳᠦᠲᠡᠢ ᠪᠦᠰᠡᠭᠦᠢ- ᠭ · ᠳᠠᠸᠠᠳᠠᠯᠠᠢЯнзган нүдтэй бүсгүй-г · Даваадалай
ᠢᠨᠵᠠᠭᠠᠨ ᠨᠢᠳᠦᠲᠡᠢ ᠪᠦᠰᠡᠭᠦᠢ
ᠦᠭᠡ᠄ ᠵ᠂ ᠵᠠᠨᠠᠷᠠᠢ
ᠠᠶ᠎ᠠ᠄ ᠮ• ᠪᠢᠮᠪᠠᠵᠠᠪ
ᠳᠠᠭᠤᠴᠢᠨ᠄ ᠳᠠᠸᠠᠳᠠᠯᠠᠢ
ᠢᠨᠵᠠᠭᠠᠨ ᠨᠢᠳᠦᠲᠡᠢ ᠪᠦᠰᠡᠭᠦᠢ
ᠢᠨᠠᠭ ᠰᠡᠳᠬᠢᠯ ᠬᠡᠨ ᠳ᠋ᠦ᠍ ᠯᠡ ᠪᠣᠯ ᠳᠠ
ᠢᠷᠠᠭᠤ ᠬᠠᠢᠷ᠎ᠠ ᠶ᠋ᠢᠨ ᠮᠥᠷ ᠲᠦ᠍ ᠤ᠋ᠳ ᠨᠢ
ᠶᠠᠮᠠᠷ ᠬᠥᠮᠦᠨ ᠵᠢᠷᠦᠬᠡᠨ ᠳ᠋ᠦ᠍ ᠲᠤᠰᠬᠤ ᠪᠣᠯ ᠲᠤᠰᠬᠤ ᠶᠤᠮ ᠪᠣᠯ ᠳᠠ
ᠬᠥᠭᠡᠷᠦᠬᠦᠨ ᠨᠢᠳᠦᠲᠡᠢ ᠪᠦᠰᠡᠭᠦᠢ
ᠬᠥᠯ ᠨᠢ ᠬᠠᠮᠢᠭᠠᠰᠢ ᠪᠠᠨ ᠶᠠᠪᠤᠬᠤ ᠪᠣᠯ ᠳᠠ
ᠬᠥᠳᠡᠭᠡ ᠲᠠᠯ᠎ᠠ ᠶ᠋ᠢᠨ ᠴᠡᠩᠬᠡᠷ ᠢᠷᠭᠤᠢ
ᠬᠡᠨ ᠦ᠌ ᠬᠦᠦ ᠶ᠋ᠢᠨ ᠵᠢᠷᠦᠬᠡᠨ ᠳ᠋ᠦ᠍ ᠳᠡᠯᠪᠡᠯᠬᠦ ᠪᠣᠯ ᠳᠡᠯᠪᠡᠯᠬᠦ ᠪᠣᠯ ᠳᠠ
ᠰᠡᠷᠭᠦᠯᠡᠩ ᠨᠢᠳᠦᠲᠡᠢ ᠪᠦᠰᠡᠭᠦᠢ
ᠰᠡᠳᠬᠢᠯ ᠨᠢ ᠶᠠᠮᠠᠷᠬᠠᠨ ᠪᠣᠯ ᠳᠠ
ᠰᠡᠪ ᠦᠭᠡᠢ ᠠᠷᠢᠭᠤᠨ ᠬᠠᠢᠷ᠎ᠠ ᠨᠢ
ᠰᠡᠷᠡᠭᠦᠨ ᠦᠳᠡᠰᠢ ᠬᠡᠨ ᠦ᠌ ᠡᠪᠦᠷ ᠲᠦ᠍ ᠳᠤᠯᠠᠭᠠᠴᠠᠬᠤ ᠪᠣᠯ ᠳᠤᠯᠠᠭᠠᠴᠠᠬᠤ ᠪᠣᠯ ᠳᠠ᠃
ᠡᠵᠢ ᠶ᠋ᠢᠨ ᠡᠷᠬᠡ ᠥᠬᠢᠨ ᠦ᠌
ᠡᠩᠬᠦᠷᠡᠢ ᠰᠡᠳᠬᠢᠯ ᠬᠡᠨ ᠳ᠋ᠦ᠍ ᠯᠡ ᠪᠣᠯ ᠳᠠ
ᠡᠭᠡᠰᠢᠭ ᠠᠶᠠᠯᠭᠤ ᠬᠠᠢᠷ᠎ᠠ ᠶ᠋ᠢᠨ ᠳᠠᠭᠤᠤ ᠪᠠᠨ
ᠡᠭᠡᠯᠢᠬᠡᠨ ᠬᠥᠮᠦᠨ ᠦ᠌ ᠦᠷ᠎ᠡ ᠳ᠋ᠦ᠍ ᠳᠠᠭᠤᠯᠠᠬᠤ ᠶᠤᠮ ᠪᠣᠯ ᠳᠠᠭᠤᠯᠠᠬᠤ ᠶᠤᠮ ᠪᠣᠯ ᠳᠠ᠃
ᠠᠪᠤ ᠶ᠋ᠢᠨ ᠠᠭᠠᠯᠢᠬᠠᠨ ᠥᠬᠢᠨ ᠦ᠌
ᠠᠭᠠᠰᠢ ᠨᠢ ᠶᠠᠮᠠᠷᠬᠠᠨ ᠪᠣᠯ ᠳᠠ
ᠠᠮᠠᠷᠠᠭ ᠬᠠᠢᠷ᠎ᠠ ᠶ᠋ᠢᠨ ᠰᠡᠳᠬᠢᠯ ᠳ᠋ᠦ᠍ ᠨᠢ
ᠠᠢᠯ ᠤ᠋ᠨ ᠬᠥᠪᠡᠭᠦᠳ ᠦ᠋ᠨ ᠠᠯᠢᠨ ᠳ᠋ᠤ᠌ ᠨᠢ ᠠᠯᠢᠨ ᠳ᠋ᠤ᠌ ᠨᠢ ᠠᠯᠢᠨ ᠳ᠋ᠤ᠌ ᠨᠢ ᠪᠣᠯ ᠳᠠ᠃
ᠠᠮᠠᠷᠠᠭ ᠬᠠᠢᠷ᠎ᠠ ᠶ᠋ᠢᠨ ᠰᠡᠳᠬᠢᠯ ᠳ᠋ᠦ᠍ ᠨᠢ
ᠠᠢᠯ ᠤ᠋ᠨ ᠬᠥᠪᠡᠭᠦᠳ ᠦ᠋ᠨ ᠠᠯᠢᠨ ᠳ᠋ᠤ᠌ ᠨᠢ ᠠᠯᠢᠨ ᠳ᠋ᠤ᠌ ᠨᠢ ᠠᠯᠢᠨ ᠳ᠋ᠤ᠌ ᠨᠢ ᠶᠦᠮ ᠪᠣᠢ᠃
ᠦᠰᠦᠭ ᠠᠮᠢᠯᠠᠭᠤᠯᠤᠭᠴᠢ᠄ ᠤᠤᠭᠠᠨᠵᠢᠳ
ᠬᠢᠨᠠᠭᠴᠢ᠄ ᠮᠡᠷᠭᠡᠨᠪᠢᠯᠢᠭ
