5-12ᠡᠨᠳᠡᠭᠦᠷᠡᠯ ᠦᠨ ᠰᠠᠭᠠᠳ ᠲᠤᠳᠬᠠᠷ ᠢ ᠲᠣᠳᠣᠷᠬᠠᠢᠯᠠᠬᠤ ᠡᠷᠡᠭᠦᠯ ᠡᠩᠬᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. 5-12ᠡᠨᠳᠡᠭᠦᠷᠡᠯ ᠦᠨ ᠰᠠᠭᠠᠳ ᠲᠤᠳᠬᠠᠷ ᠢ ᠲᠣᠳᠣᠷᠬᠠᠢᠯᠠᠬᠤ

5-12ᠡᠨᠳᠡᠭᠦᠷᠡᠯ ᠦᠨ ᠰᠠᠭᠠᠳ ᠲᠤᠳᠬᠠᠷ ᠢ ᠲᠣᠳᠣᠷᠬᠠᠢᠯᠠᠬᠤ

ᠠᠩᠭᠢᠯᠠᠯ:ᠡᠷᠡᠭᠦᠯ ᠡᠩᠬᠡ
2023-07-21

412

         ᠪᠢᠴᠢᠯᠭᠡ ᠪᠠ ᠠᠶᠠᠯᠭᠤ ᠶᠢᠨ ᠠᠳᠠᠯᠢ ᠶᠤᠮ ᠤᠤ᠂ ᠠᠳᠠᠯᠢᠪᠲᠤᠷ ᠠᠴᠠ ᠪᠣᠯᠤᠬᠰᠠᠨ ᠡᠨᠳᠡᠭᠦᠷᠡᠯ ᠢᠨᠤ( ᠮᠣᠩᠭᠣᠯ ᠪᠢᠴᠢᠭ ᠳᠡᠭᠡᠷ᠎ᠡ ᠢᠯᠭᠠᠬᠤ ᠳᠤ ᠨᠡᠩ ᠪᠡᠷᠬᠡ ᠪᠥᠭᠡᠳ ᠲᠡᠳᠦᠢ ᠴᠢᠬᠤᠯᠠ ᠦᠭᠡᠢ)᠄ ᠳ᠋ᠠᠰᠤᠢ᠍ᠷ ᠪᠣᠯ ᠽᠤᠷᠭᠠᠷ ᠰᠢᠯ ᠠᠳᠠᠯᠢ ᠪᠥᠭᠡᠳ ᠳ᠋ᠠᠷᠰᠤᠢ᠍ᠷ ᠪᠣᠯ ᠼᠠᠯᠠ᠃ ᠳ᠋ᠤᠸᠽᠠ ᠪᠣᠯ ᠰᠢᠩᠼᠠ ᠶᠢᠨ ᠢᠵᠠᠭᠤᠷ ᠲᠡᠷᠡ ᠭᠤᠷᠪᠠ ᠶᠢᠨ ᠪᠢᠴᠢᠭ ᠦᠨ ᠠᠯᠳᠠᠭ᠎ᠠ ᠣᠯᠠᠨ ᠦᠵᠡᠭᠲᠡᠨ᠎ᠠ᠃ ᠭᠣᠵᠣᠢ ᠪᠣᠯ ᠵᠡᠪᠦᠷᠯᠢᠪ ᠪᠥᠭᠡᠳ ᠭᠤᠵᠠᠢ ᠭᠡᠳᠡᠭ ᠰᠧᠶᠡᠪ ᠦᠨ ᠦᠷ᠎ᠡ ᠳᠦ ᠡᠨᠳᠡᠭᠦᠷᠡᠨ᠎ᠡ᠃ ᠬᠤᠩᠯᠧᠨ ᠪᠦᠽᠡᠢᠰᠧᠯ ᠢᠨᠤ ᠨᠢᠭᠡ ᠨᠡᠷ᠎ᠡ ᠪᠥᠭᠡᠳ ᠵᠠᠰᠠᠵᠤ ᠪᠦᠱᠧᠯᠽᠧ ᠭᠡᠮᠡᠨ ᠡᠨᠳᠡᠭᠦᠷᠡᠬᠦ ᠶᠢ ᠦᠵᠡᠪᠡ᠃ ᠪᠦᠷᠦᠪᠣᠷᠣ ᠭᠡᠳᠡᠭ ᠡᠪᠡᠰᠦᠨ ᠡᠮ ᠦᠨ ᠦᠷ᠎ᠡ ᠶᠢ ᠪᠦᠷᠦᠪᠣᠣ( ᠬᠣᠷᠣᠬᠠᠢ) ᠭᠡᠮᠡᠨ ᠡᠨᠳᠡᠭᠦᠷᠡᠨ᠎ᠡ᠃ ᠰᠦᠮᠦᠽᠡ ᠨᠢ ᠲᠠᠷᠢᠶᠠᠨ ᠲᠥᠷᠦᠯ ᠦᠨ ᠦᠷ᠎ᠡ ᠪᠥᠭᠡᠳ《 ᠽᠠ》 ᠭᠡᠰᠡᠨ ᠳᠠᠭᠤᠨ ᠳᠤ ᠼᠣᠸᠠᠯᠣ( ᠬᠠᠯᠠᠭᠠᠢ ᠶᠢᠨ ᠨᠠᠪᠴᠢ) ᠭᠡᠮᠡᠨ ᠡᠨᠳᠡᠭᠦᠷᠡᠬᠦ ᠶᠢ ᠦᠵᠡᠯ᠎ᠡ᠃ ᠡᠪᠡᠰᠦᠨ ᠰᠠᠷᠠᠳᠮ᠎ᠠ《 ᠤᠨ》ᠳᠡᠪᠢᠰᠭᠡᠷ ᠲᠡᠢ ᠪᠥᠭᠡᠳ ᠲᠠᠷᠢᠶᠠᠨ ᠤ ᠰᠠᠷᠠᠨᠮ᠎ᠠ《 ᠨ》 ᠳᠡᠪᠢᠰᠭᠡᠷ ᠲᠡᠢ ᠶᠢ ᠢᠯᠭᠠᠯ ᠦᠭᠡᠢ ᠰᠡᠷᠡᠳᠮ᠎ᠠ ᠶᠢᠨ ᠢᠵᠠᠭᠤᠷ ᠲᠤ ᠡᠨᠳᠡᠭᠦᠷᠡᠵᠦ ᠬᠣᠶᠠᠭᠤᠯᠠ ᠶᠢ ᠡᠨᠳᠡᠭᠦᠷᠡᠬᠦ ᠶᠢ ᠦᠵᠡᠪᠡ᠃ ᠤᠮᠤ ᠴᠠᠪᠷᠢᠨ ᠤᠰᠤᠨ ᠬᠠᠪᠤᠩ ᠤᠨ ᠨᠢᠭᠤᠴᠠ ᠡᠪᠡᠰᠦᠨ ᠡᠮ ᠬᠢᠭᠡᠳ ᠣᠨᠪᠤ ᠴᠠᠪᠷᠢᠨ ᠤᠰᠤᠨ ᠮᠦᠷ ᠢ ᠨᠢᠴᠤᠭᠠᠬᠤ ᠬᠣᠶᠠᠷ ᠢ ᠦᠰᠦᠭ ᠦᠨ ᠠᠯᠳᠠᠭ᠎ᠠ ᠪᠠᠷ ᠵᠠᠰᠠᠵᠤ ᠡᠨᠳᠡᠭᠦᠷᠡᠬᠦ ᠣᠯᠠᠨ᠃ ᠰᠠᠩᠽᠢᠪᠠ ᠠᠨᠤ ᠼᠠᠯᠠ ᠶᠢᠨ ᠨᠡᠷ᠎ᠡ《 ᠪᠠ》 ᠰᠡᠭᠦᠯ ᠲᠡᠢ᠂ ᠰᠠᠩᠼᠧ ᠪᠣᠯ ᠬᠣᠨᠢᠨ ᠰᠢᠷᠠᠯᠵᠢ ᠶᠢᠨ ᠨᠡᠷ᠎ᠡ᠂《 ᠪᠠ》 ᠰᠡᠭᠦᠯ ᠦᠭᠡᠢ ᠡᠪᠡᠰᠦᠨ ᠲᠡᠢ ᠡᠨᠳᠡᠭᠦᠷᠡᠬᠦ᠃ ᠭᠤᠷᠪᠠᠨ ᠡᠪᠡᠷ ᠦᠨ ᠷᠸᠠ《 ᠸᠠ》 ᠰᠡᠭᠦᠯ ᠲᠡᠢ᠂ ᠰᠧᠷᠣᠷᠸᠠ( ᠭᠡᠷᠢᠰ ᠦᠨ ᠡᠪᠡᠷ)᠂ ᠺᠠᠱᠠᠷᠸᠠ( ᠭᠤᠷ᠎ᠠ ᠭᠥᠷᠦᠭᠡᠰᠦᠨ ᠦ ᠡᠪᠡᠷ)᠂ ᠱᠠᠪᠠᠷᠸᠠ( ᠪᠤᠭᠤ ᠶᠢᠨ ᠡᠪᠡᠷ)᠂ ᠭᠤᠷᠪᠠᠨ ᠡᠪᠡᠷ ᠦᠨ ᠨᠡᠷ᠎ᠡ ᠮᠦᠨ ᠪᠥᠭᠡᠳ ᠭᠤᠷᠪᠠᠨ ᠷ᠎ᠠ( ᠠᠷᠤᠷ᠎ᠠ᠂ ᠪᠠᠷᠤᠷ᠎ᠠ᠂ ᠵᠦᠷᠦᠷ᠎ᠠ) ᠶᠢᠨ ᠭᠤᠷᠪᠠᠨ《 ᠷ᠎ᠠ》 ᠲᠠᠢ ᠡᠨᠳᠡᠭᠦᠷᠡᠬᠦ ᠪᠤᠢ᠃ ᠲᠡᠷᠡᠴᠢᠯᠡᠨ ᠭᠤᠷᠪᠠᠨ ᠳᠠᠪᠤᠰᠤᠨ ᠤ《 ᠼᠣᠸᠠ》 ᠶᠢ ᠭᠤᠷᠪᠠᠨ ᠬᠠᠯᠠᠭᠤᠨ ᠤ《 ᠼᠠ》 ᠲᠠᠢ《 ᠸᠠ》 ᠪᠠᠢᠬᠤ ᠦᠭᠡᠢ ᠶᠢ ᠵᠠᠰᠠᠵᠤ ᠡᠨᠳᠡᠭᠦᠷᠡᠬᠦ ᠨᠢ ᠣᠯᠠᠨ᠃ ᠳ᠋ᠠᠪᠠᠬ( ᠮᠣᠷᠢᠨ ᠤ ᠠᠷᠠᠰᠤ)᠂ ᠳ᠋ᠠᠪᠤᠢ᠍ᠷᠦᠨ( ᠮᠣᠷᠢᠨ ᠤ ᠪᠠᠭᠠᠰᠤ)᠂ ᠳ᠋ᠠᠪᠣᠨ( ᠮᠣᠷᠢᠨ ᠤ ᠬᠤᠯᠤᠩᠰᠤ) ᠢ ᠭᠠᠷ ᠤᠨ ᠳ᠋ᠠᠪᠤᠳᠪᠠ ᠭᠡᠳᠡᠭ ᠬᠢᠮᠤᠰᠤᠨ ᠳᠤ ᠡᠨᠳᠡᠭᠦᠷᠡᠨ᠎ᠡ᠃ ᠪᠠᠳᠠᠷᠠᠼᠠᠩ( ᠠᠷᠴᠠ ᠶᠢᠨ ᠦᠷ᠎ᠡ ᠪᠤᠶᠤ ᠰᠠᠢᠨ ᠴᠢᠪᠠᠭ᠎ᠠ) ᠬᠢᠭᠡᠳ ᠪᠠᠷᠠᠯᠤᠮᠠᠵᠠᠨ᠂ ᠪᠠᠳᠠᠷᠠ( ᠮᠠᠨᠤ ᠶᠢᠨ ᠦᠨᠳᠦᠰᠦ) ᠶᠢ ᠰᠣᠯᠢᠯᠴᠠᠭᠤᠯᠵᠤ᠂ ᠮᠠᠨᠤ ᠼᠠᠩᠪᠤ᠂ ᠭᠠᠨᠳᠠᠪᠠᠳᠠᠷ᠎ᠠ ᠲᠡᠷᠢᠭᠦᠲᠡᠨ ᠢ ᠨᠠᠪᠴᠢᠨ ᠳᠤ ᠡᠨᠳᠡᠭᠦᠷᠡᠨ᠎ᠡ᠃ ᠠᠳᠠᠯᠢ ᠭᠡᠰᠡᠨ ᠢ ᠦᠰᠦᠭ ᠲᠦ ᠠᠯᠳᠠᠭ᠎ᠠ ᠭᠡᠵᠦ᠂ ᠱᠦᠳᠢ ᠶᠢ ᠪᠦᠷᠦᠮ᠎ᠡ ᠶᠢᠨ ᠦᠷ᠎ᠡ ᠲᠡᠢ ᠠᠳᠠᠯᠢ ᠭᠡᠰᠡᠨ ᠢ ᠮᠦᠨ ᠭᠡᠵᠦ ᠬᠡᠯᠡᠭᠰᠡᠨ ᠪᠠ ᠵᠠᠬᠵᠤ ᠶᠢᠨ ᠦᠷ᠎ᠡ ᠶᠢ ᠰᠢᠷᠠᠭᠠᠷᠪᠤ ᠲᠠᠢ ᠠᠳᠠᠯᠢ ᠭᠡᠰᠡᠨ ᠢ ᠮᠦᠨ ᠭᠡᠮᠡᠨ᠂ ᠶᠦᠮᠦᠼᠡ ᠶᠢ ᠶᠣᠮᠣᠳᠠᠵᠢᠨ ᠭᠡᠮᠡᠨ ᠡᠨᠳᠡᠭᠦᠷᠡᠬᠦ ᠣᠯᠠᠨ ᠪᠠᠢᠨ᠎ᠠ᠃ ᠰᠦᠭᠽᠦᠢ( ᠰᠣᠩᠭᠢᠨ᠎ᠠ ᠶᠢ ᠴᠢᠨᠠᠬᠰᠠᠨ)᠂ ᠼᠦᠢᠼᠦᠭ ᠭᠡᠮᠡᠬᠦ ᠰᠠᠷᠢᠮᠰᠠᠭ ᠤᠨ ᠵᠦᠢᠯ ᠬᠢᠭᠡᠳ᠂ ᠽᠣᠳ ᠭᠡᠮᠡᠬᠦ ᠬᠣᠣᠷ ᠤᠨ ᠡᠮ ᠢ ᠰᠣᠳ ᠭᠡᠮᠡᠬᠦ ᠭᠥᠷᠦᠭᠡᠰᠦ ᠨᠤᠭᠦᠳ ᠢ ᠲᠤᠰ ᠲᠤᠰ ᠲᠤᠨᠢ ᠦᠯᠦ ᠰᠢᠨᠵᠢᠵᠦ᠂ ᠦᠰᠦᠭ ᠦᠨ ᠠᠯᠳᠠᠭ᠎ᠠ ᠳᠤ ᠡᠨᠳᠡᠭᠦᠷᠡᠨ᠎ᠡ᠃ ᠵᠠᠽᠦᠢ ᠶᠢ ᠵᠠᠵᠢᠬ ᠲᠤ ᠡᠨᠳᠡᠭᠦᠷᠡᠵᠦ᠂ ᠣᠷᠣᠨ ᠤ ᠬᠡᠯᠡ ᠳᠦ ᠵᠣᠬᠢᠯᠳᠤᠭᠤᠯᠤᠨ᠂ ᠯᠠᠽᠤᠢ ᠶᠢ ᠽᠣᠳ ᠲᠤ ᠦᠢᠯᠡᠳᠬᠦ ᠡᠮᠴᠢ ᠶᠢ ᠦᠵᠡᠪᠡ᠃ ᠲᠡᠷᠡᠴᠢᠯᠡᠨ ᠪᠠᠬᠰᠢ ᠰᠢᠲᠦᠭᠰᠡᠨ ᠦᠭᠡᠢ ᠮᠡᠳᠡᠯ ᠤᠷᠠᠨ ᠢᠶᠠᠷ ᠭᠠᠷ ᠤᠨ ᠠᠪᠤᠯᠭ᠎ᠠ ᠶᠢ ᠡᠨᠳᠡᠭᠦᠷᠡᠵᠦ ᠰᠢᠨᠵᠢᠭᠰᠡᠨ ᠡᠨᠡ ᠮᠡᠲᠦ ᠪᠥᠭᠡᠳ ᠳᠠᠭᠤᠨ ᠨᠢᠭᠡ ᠤᠳᠬ᠎ᠠ ᠥᠭᠡᠷ᠎ᠡ ᠲᠤᠰᠠᠭᠠᠷ᠃ ᠲᠣᠰᠤᠨ ᠡᠮ ᠦᠨ ᠵᠠᠷᠢᠮ ᠦᠶᠡᠰ ᠲᠦ ᠬᠡᠷᠡᠭᠯᠡᠳᠡᠭ ᠪᠠᠷᠢᠭᠠᠩ ᠳᠤ ᠪᠠᠷᠤᠷ᠎ᠠ ᠶᠢᠨ ᠴᠦᠮ᠎ᠡ ᠶᠢᠨ ᠲᠣᠰᠣ ᠦᠶᠡᠰ ᠲᠡᠢ ᠵᠣᠬᠢᠴᠠᠬᠤ ᠪᠣᠯᠪᠠᠴᠤ᠂ ᠠᠳᠤᠭᠤᠰᠤ ᠰᠠᠷᠯᠤᠭ ᠤᠨ ᠴᠢᠮᠦᠭᠡᠨ ᠲᠣᠰᠤ ᠲᠠᠯᠪᠢᠬᠤ ᠶᠢ ᠦᠵᠡᠪᠡ᠃ ᠪᠥᠭᠡᠷ᠎ᠡ᠂ ᠳᠠᠪᠤᠰᠠᠩ᠂ ᠬᠡᠪᠡᠯᠢ( ᠰᠡᠮᠰᠧ) ᠶᠢᠨ ᠡᠪᠡᠳᠴᠢᠨ ᠲᠡᠷᠢᠭᠦᠲᠡᠨ ᠢ ᠵᠠᠰᠠᠬᠤ ᠵᠠᠷᠢᠮ ᠦᠶᠡᠰ ᠲᠦ ᠯᠣᠨᠲᠣᠨ ᠤ ᠦᠷ᠎ᠡ ᠶᠢ ᠲᠠᠤᠯᠠᠢ ᠶᠢᠨ ᠨᠢᠳᠦ ᠭᠡᠮᠡᠬᠦ ᠪᠠᠢᠨᠠᠮ᠃ ᠲᠡᠭᠦᠨ ᠦ ᠪᠥᠯᠦᠭ ᠲᠦ ᠠᠨᠤ ᠲᠠᠤᠯᠠᠢ ᠶᠢᠨ ᠤᠬᠤᠷᠬᠠᠢ ᠭᠡᠳᠡᠭ᠃ ᠴᠠᠭᠠᠨ ᠤᠯᠠᠭᠠᠨ ᠲᠤᠰᠤᠯ ᠴᠣᠪᠤᠷᠠᠬᠤ ᠶᠢ ᠪᠣᠭᠣᠬᠤ ᠳᠤ ᠬᠡᠷᠡᠭᠲᠡᠢ ᠶᠢ ᠡᠰᠡ ᠢᠯᠭᠠᠨ᠂ ᠠᠮᠢᠲᠠᠨ ᠲᠠᠤᠯᠠᠢ ᠶᠢ ᠣᠯᠠᠨ ᠨᠢᠳᠤᠯᠵᠤ ᠨᠢᠳᠦ ᠪᠠ ᠨᠢᠳᠦᠨ ᠣᠬᠣᠷᠬᠠᠢ ᠶᠢ ᠡᠨᠳᠡᠭᠦᠷᠡᠵᠦ ᠦᠭ ᠭᠡᠮᠡᠬᠦ ᠶᠢ ᠰᠣᠨᠣᠰᠪᠠ᠃ ᠰᠢᠷᠬ᠎ᠠ ᠬᠢᠭᠡᠳ ᠲᠣᠯᠣᠭᠠᠢ ᠵᠠᠰᠠᠬᠤ ᠦᠶᠡᠰ ᠪᠦᠰᠦᠬᠠᠩ ᠢ ᠣᠬ ᠨᠣᠮᠯᠠᠯ ᠳᠤ ᠵᠤᠬᠯᠠᠳᠮᠠᠨ( ᠪᠢᠯᠵᠤᠤᠬᠠᠢ ᠶᠢᠨ ᠲᠠᠷᠢᠬᠢ ᠶᠢᠨ ᠡᠮ) ᠭᠡᠮᠡᠬᠦ ᠶᠢ ᠡᠰᠡ ᠮᠡᠳᠡᠵᠦ ᠪᠣᠯᠵᠤᠮᠤᠷ ᠪᠣᠬᠰᠤᠷᠭ᠎ᠠ ᠠᠯᠠᠵᠤ ᠲᠠᠷᠢᠬᠢ ᠶᠢ ᠡᠮ ᠳᠦ ᠲᠠᠯᠪᠢ ᠭᠡᠳᠡᠭ ᠨᠢ ᠢᠨᠢᠶᠡᠳᠦᠮ ᠦᠨ ᠣᠷᠣᠨ᠃ ᠯᠠᠪᠠᠢ᠂ ᠢᠪᠠᠤᠬᠠᠢ ᠶᠢ ᠶᠡᠭᠦᠳᠡᠭ ᠲᠤᠷ ᠷᠣᠣ ᠷᠠᠬᠴᠠ ᠶᠢᠨ ᠦᠷ᠎ᠡ ᠵᠢᠷᠭᠤᠭᠠᠨ ᠲᠠᠯ᠎ᠠ ᠲᠠᠢ( ᠬᠣᠩᠰᠢᠶᠠᠷ) ᠶᠢ ᠬᠡᠷᠡᠭᠯᠡᠬᠦ ᠬᠢᠭᠡᠳ ᠰᠤᠳᠠᠯ ᠤᠨ ᠲᠤᠭᠤᠯᠭ᠎ᠠ ᠶᠢᠨ ᠦᠶᠡᠰ ᠷᠠᠬᠴᠠᠮᠢᠩᠮᠢᠳ( ᠨᠢᠳᠦ ᠦᠭᠡᠢ ᠷᠠᠬᠴᠠ) ᠭᠡᠮᠡᠬᠦ ᠶᠢ ᠰᠢᠷᠭᠤᠯᠵᠢ ᠳᠤ ᠡᠨᠳᠡᠭᠦᠷᠡᠵᠦ᠂ ᠰᠢᠷᠭᠤᠯᠵᠢ ᠶᠢᠨ ᠦᠷ᠎ᠡ ᠶᠢ ᠥᠭᠬᠦ ᠬᠡᠷᠡᠭᠲᠡᠢ ᠭᠡᠮᠡᠨᠡᠮ᠃ ᠵᠠᠭᠠᠩ ᠲᠠᠮᠤᠰᠠ ᠶᠢ ᠭᠡᠷ ᠦᠨ ᠲᠠᠬᠢᠶᠠᠨ ᠤ ᠬᠥᠯ᠂ ᠷᠸᠭᠤᠨᠪᠠ ᠶᠢ ᠲᠠᠬᠲᠠᠭ᠎ᠠ ᠶᠢᠨ ᠬᠦᠯ᠂ ᠠᠮᠢᠲᠠᠨ ᠳᠠᠬᠲᠠᠭ᠎ᠠ ᠶᠢᠨ ᠴᠢᠮᠦᠭᠡᠨ ᠲᠤᠰᠤ ᠶᠢ ᠥᠭᠬᠦ ᠭᠡᠮᠡᠨ ᠬᠡᠯᠡᠯᠴᠡᠬᠦ ᠶᠢ ᠰᠣᠨᠣᠰᠤᠯ᠎ᠠ᠃
ᠨᠢᠶᠠᠨ ᠪᠣᠭᠣᠮ᠎ᠠ ᠪᠠ ᠬᠡᠤᠬᠡᠳ ᠳᠣᠬᠲᠠᠭᠠᠬᠤ ᠦᠶᠡᠰ ᠢ ᠡᠰᠡ ᠢᠯᠭᠠᠨ ᠡᠪᠡᠰᠦᠨ ᠳ᠋ᠠᠬᠱᠠ ᠶᠢ ᠠᠷᠢᠶᠠᠲᠠᠨ ᠳ᠋ᠠᠬᠱᠠ( ᠪᠠᠷᠰ ᠤᠨ ᠮᠢᠬ᠎ᠠ) ᠭᠡᠵᠦ ᠡᠨᠳᠡᠭᠦᠷᠡᠵᠦ ᠪᠣᠢ᠃ ᠨᠢᠳᠦᠨ ᠡᠮ ᠨᠧᠯᠡᠲ᠋ᠣᠲ᠋ᠠ( ᠬᠠᠷ᠎ᠠ ᠪᠠᠢᠪᠠᠩ)᠂ ᠪᠢᠬᠪᠠᠨ ᠬᠢᠭᠡᠳ ᠬᠡᠢ ᠬᠢᠵᠢᠭ ᠦᠨ ᠦᠶᠡᠰ ᠳᠡᠬᠢ ᠰᠠᠷᠢᠮᠰᠠᠭ ᠤᠨ ᠦᠨᠡᠰᠦ ᠪᠢᠬᠪᠠᠨ ᠲᠠᠢ ᠡᠨᠳᠡᠭᠦᠷᠡᠨ᠎ᠡ᠃ ᠦᠭᠡᠰ ᠢ ᠬᠤᠷᠢᠶᠠᠨ ᠠᠷᠤᠷ᠎ᠠ᠂᠂ ᠪᠠᠷᠤᠷ᠎ᠠ᠂ ᠵᠦᠷᠦᠷ᠎ᠠ ᠶᠢ ᠭᠤᠷᠪᠠᠨ ᠦᠷ᠎ᠡ ᠭᠡᠬᠦ ᠶᠢ ᠭᠤᠷᠪᠠᠨ ᠵᠦᠢᠯ ᠦᠨ ᠦᠷ᠎ᠡ ᠭᠡᠬᠦ ᠦᠶᠡᠰ ᠢ ᠡᠰᠡ ᠢᠯᠭᠠᠨ ᠡᠨᠳᠡᠭᠦᠷᠡᠨ᠎ᠡ᠃ ᠡᠨᠡᠳᠬᠡᠭ ᠬᠡᠯᠡ ᠪᠡᠷ ᠢᠨᠳᠡᠷ᠎ᠡ᠂ ᠲᠦᠪᠡᠳ ᠬᠡᠯᠡ ᠪᠡᠷ ᠡᠷᠬᠡᠲᠡᠨ ᠪᠥᠭᠡᠳ ᠳ᠋ᠦ᠋ᠭ᠌‍ᠮᠤᠨᠢᠤᠩ ᠤᠨ ᠢᠨᠳᠠᠷᠠᠶᠠᠪᠠ᠂ ᠡᠷᠬᠡᠲᠡᠨ ᠦ ᠢᠨᠳᠡᠷ᠎ᠡ( ᠡᠷᠬᠡᠲᠡᠨ ᠦ ᠭᠠᠷ) ᠪᠠ ᠢᠨᠳᠡᠷ᠎ᠡ ᠳᠥᠷᠪᠡ ᠭᠡᠮᠡᠬᠦ ᠶᠢ ᠡᠰᠡ ᠢᠯᠭᠠᠵᠤ᠂ ᠸᠠᠩᠯᠠᠬ ᠥ ᠴᠦᠰᠧᠷᠢᠨᠳᠡᠷᠮᠦ᠂ ᠳ᠋ᠢᠭᠳᠡ᠂ ᠯᠢᠳᠡᠷᠢ ᠳᠥᠷᠪᠡ ᠪᠣᠯ ᠬᠡᠰᠢᠭᠦᠨ ᠦ ᠬᠠᠯᠠᠭᠤᠨ ᠢ ᠠᠷᠢᠯᠭᠠᠬᠴᠢ᠂ ᠢᠨᠳᠡᠷ᠎ᠡ ᠳᠥᠷᠪᠡ ᠬᠢᠭᠡᠳ ᠳ᠋ᠦ᠋ᠭ᠌‍ᠮᠤᠨᠢᠤᠩ᠂ ᠪᠣᠢᠭᠠᠷ᠂ ᠪᠠᠯᠢᠭ᠎ᠠ᠂ ᠯᠢᠭᠠᠳᠣᠷ ᠤᠨ ᠢᠨᠳᠡᠷ᠎ᠡ ᠳᠥᠷᠪᠡ ᠶᠢ ᠭᠡᠳᠡᠰᠦᠨ ᠬᠠᠯᠠᠭᠤᠨ ᠢ ᠠᠷᠢᠯᠭᠠᠬᠤ ᠦᠶᠡᠰ ᠲᠦ ᠨᠣᠮᠯᠠᠬᠰᠠᠨ ᠲᠠᠢ ᠡᠨᠳᠡᠭᠦᠷᠡᠨ᠎ᠡ᠃ ᠲᠦᠷᠸ᠎ᠠ᠂ ᠷᠠᠮᠼᠢ ᠤᠳᠬ᠎ᠠ ᠨᠢᠭᠡ ᠷᠠᠮᠪᠤ ᠭᠡᠮᠡᠨ᠎ᠡ᠃ ᠰᠠᠭᠤᠯᠭᠠᠬᠤ ᠶᠢ ᠵᠣᠬᠰᠤᠭᠠᠬᠤ ᠷᠠᠮᠪᠠ ᠶᠢ ᠡᠨᠳᠡᠭᠦᠷᠡᠨ ᠲᠠᠯᠪᠢᠵᠤ᠂ ᠭᠠᠷᠨᠠᠬ ᠭᠡᠮᠡᠬᠦ ᠬᠠᠷ᠎ᠠ ᠠᠭᠠᠷᠤ ᠬᠢᠭᠡᠳ ᠭᠠᠬᠠᠢ ᠶᠢᠨ ᠬᠣᠷᠭᠣᠯ ᠤᠨ ᠦᠨᠡᠰᠦ ᠭᠠᠪᠤᠷ ᠨᠠᠬᠪᠤ( ᠬᠠᠷ᠎ᠠ ᠭᠠᠪᠤᠷ) ᠬᠡᠮᠡᠬᠦ ᠶᠢ ᠭᠠᠷᠨᠠᠬ ᠲᠤ ᠡᠨᠳᠡᠭᠦᠷᠡᠬᠦ᠂ ᠪᠤᠷᠠᠮ᠂ ᠴᠠᠭᠠᠨ ᠪᠣᠷᠣ ᠬᠣᠶᠠᠷ ᠤᠨ ᠴᠠᠭᠠᠨ ᠪᠤᠷᠠᠮ ᠬᠢᠭᠡᠳ ᠵᠠᠩᠪᠣᠯᠭᠠᠷᠬᠦ ᠶᠢᠨ ᠦᠰᠦᠭ ᠲᠦ ᠡᠨᠳᠡᠭᠦᠷᠡᠨ᠎ᠡ᠃ ᠳ᠋ᠣᠳᠪᠠ᠂᠂ ᠵᠠᠪᠠᠯᠠᠮ᠎ᠠ ᠬᠡᠮᠡᠬᠦ ᠨᠢ ᠭᠠᠯ ᠤᠨ ᠤᠲᠤᠭ᠎ᠠ ᠣᠷᠢᠶᠠᠯᠳᠤᠬᠰᠠᠨ ᠦᠰᠦ ᠰᠢᠭ᠌ ᠢ ᠤᠰᠤᠨ ᠭᠦᠭᠦᠩ( ᠤᠰᠤᠨ ᠢᠵᠠᠮᠠᠬ) ᠬᠠᠲᠠᠬᠰᠠᠨ ᠲᠠᠢ ᠡᠨᠳᠡᠭᠦᠷᠡᠨ᠎ᠡ᠃ ᠷᠠᠨᠠᠮᠤᠯᠠ ᠬᠡᠮᠡᠬᠦ( ᠪᠢᠪᠢᠯᠢᠩ ᠦᠨ ᠦᠨᠳᠦᠰᠦ) ᠳᠦ ᠡᠯᠳᠡᠪ ᠵᠦᠢᠯ ᠦᠨ ᠡᠪᠡᠷ ᠦᠳ ᠢ ᠲᠠᠯᠪᠢᠬᠤ ᠡᠮᠴᠢ ᠶᠢ ᠦᠵᠡᠪᠡ᠃ ᠠᠱᠤᠬᠭᠠᠨᠳᠠᠨ ᠲᠦᠪᠠᠳ ᠬᠡᠯᠡᠨ ᠳᠦ ᠳ᠋ᠠᠬᠰᠧᠷᠤ᠎ᠠ( ᠭᠠᠨᠳᠠᠭᠠᠷᠢ) ᠠᠱᠠᠭᠠᠳᠠ᠂ ᠮᠣᠷᠢᠨ ᠰᠢᠪᠡᠷᠢ ᠪᠥᠭᠡᠳ ᠠᠱᠣᠬᠭᠠᠨᠳᠠ( ᠪᠠᠰᠪᠤᠢ᠍ᠷᠦ) ᠶᠢ ᠮᠣᠷᠢᠨ ᠤ ᠴᠣᠬᠴᠠ ᠳᠤ ᠡᠨᠳᠡᠭᠦᠷᠡᠵᠦ᠂ ᠢᠨᠠᠬᠰᠢ ᠴᠢᠨᠠᠬᠰᠢ ᠤᠳᠬ᠎ᠠ ᠬᠢᠭᠡᠳ ᠦᠰᠦᠭ ᠲᠦ ᠡᠨᠳᠡᠭᠦᠷᠡᠬᠦ ᠶᠢ ᠦᠵᠡᠪᠡ᠃ ᠭᠤᠮᠰᠠ ᠳ᠋ᠣᠯᠱᠠ( ᠪᠡᠰᠡᠷᠡᠭ ᠬᠠᠢᠨᠤᠬ ᠤᠨ ᠮᠢᠬ᠎ᠠ)᠂ ᠭᠠᠮᠰᠠ᠂ ᠭᠠᠮᠪᠠᠰᠠ( ᠦᠬᠡᠷ ᠦᠨ ᠮᠢᠬ᠎ᠠ ᠪᠤᠶᠤ ᠬᠠᠲᠠᠭᠠᠬᠰᠠᠨ ᠮᠢᠬ᠎ᠠ) ᠡᠳᠡᠭᠡᠷ ᠢ ᠦᠰᠦᠭ ᠤᠳᠬ᠎ᠠ ᠳᠤ ᠡᠨᠳᠡᠭᠦᠷᠡᠬᠦ᠃ ᠵᠠᠷᠢᠮ ᠮᠤᠩᠬᠠᠭ ᠤᠳ ᠢᠶᠠᠷ ᠬᠠᠭᠠᠷᠠᠬᠰᠠᠨ ᠠᠷᠠᠰᠤᠨ ᠵᠠᠪᠰᠠᠷ ᠤᠨ ᠥᠴᠦᠬᠡᠨ ᠥᠭᠡᠷᠢ ᠶᠢ ᠦᠬᠡᠷ ᠦᠨ ᠮᠢᠬ᠎ᠠ ᠬᠠᠲᠠᠭᠠᠬᠤ ᠲᠠᠢ ᠡᠨᠳᠡᠭᠦᠷᠡᠨ᠎ᠡ᠃ ᠰᠠᠪᠱᠧᠩ ᠵᠦᠮᠽᠡ᠂ ᠰᠠᠪᠮᠤ᠂ ᠱᠣᠷᠤᠮ( ᠬᠠᠲᠠᠬᠰᠠᠨ ᠠᠢᠷᠠᠬ)᠂ ᠰᠠᠪᠵᠠᠢ( ᠳᠠᠷᠠᠰᠤ) ᠶᠢᠨ ᠦᠶᠡᠰ ᠢ ᠦᠯᠦ ᠢᠯᠭᠠᠨ ᠡᠨᠳᠡᠭᠦᠷᠡᠨ᠎ᠡ᠃ ᠳ᠋ᠠᠽᠠ ᠪᠣᠯ ᠦᠰᠦ᠋᠂ ᠳ᠋ᠠᠵᠠ( ᠠᠯᠲᠠᠨ ᠤ ᠴᠢᠯᠠᠭᠤ) ᠶᠢ ᠵᠣᠩᠰᠢ ᠳᠤ ᠡᠨᠳᠡᠭᠦᠷᠡᠨ᠎ᠡ᠃ ᠳ᠋ᠣᠮᠳᠠᠬ ᠭᠡᠳᠡᠭ ᠪᠣᠯ ᠭᠣᠣᠵᠢᠯᠠ ᠶᠢᠨ ᠥᠭᠡᠷ᠎ᠡ ᠨᠡᠷ᠎ᠡ᠂ ᠳ᠋ᠣᠮᠪᠤᠳᠠᠬᠱᠠ( ᠡᠪᠡᠰᠦᠨ ᠳ᠋ᠠᠬᠱᠠ) ᠳᠤ ᠡᠨᠳᠡᠭᠦᠷᠡᠨ᠎ᠡ᠃ ᠹᠧᠤᠩ( ᠭᠦᠷᠦ ᠴᠢᠯᠠᠭᠤ)᠂ ᠹᠡᠧᠡᠩ( ᠪᠠᠬᠪᠠᠬᠠᠢ) ᠡᠭᠦᠨ ᠢ ᠨᠠᠷᠤᠤ ᠪᠠᠢᠬᠤ ᠦᠭᠡᠢ ᠳᠦ ᠬᠢᠭᠡᠳ ᠵᠢᠤᠯᠢᠪ ᠴᠢᠯᠠᠭᠤ ᠲᠠᠢ ᠡᠨᠳᠡᠭᠦᠷᠡᠬᠦ ᠴᠦ᠍ ᠬᠠᠶᠠ ᠪᠣᠢ᠃ ᠵᠠᠯᠢᠪ᠂ ᠵᠢᠤᠯᠢᠪ ᠵᠠᠮᠠᠵᠠᠤ( ᠠᠳᠠᠯᠢ ᠨᠡᠷ᠎ᠡ) ᠶᠢ ᠫᠠᠸᠠᠩᠵᠢᠯᠢᠪ( ᠣᠷᠣᠢ ᠬᠠᠪᠲᠠᠭᠠᠢ ᠪᠠᠬᠪᠠᠬᠠᠢ) ᠲᠤ᠌ ᠡᠨᠳᠡᠭᠦᠷᠡᠵᠦ ᠪᠠᠢᠬᠤ ᠦᠭᠡᠢ ᠪᠣᠶᠤ ᠵᠡᠰᡁᠯ( ᠪᠥᠬᠦᠩ ᠦᠨ ᠥᠭᠡᠬᠦ) ᠬᠡᠮᠡᠬᠦ ᠦᠶᠡᠰ ᠢ ᠦᠯᠦ ᠢᠯᠭᠠᠨ ᠵᠠᠶᠠᠨᠷᠢᠳᠠᠬᠼᠠᠯ( ᠬᠢᠲᠠᠳ ᠭᠥᠷᠦᠭᠡᠰᠦᠨ ᠥᠭᠡᠬᠦ) ᠬᠢᠭᠡᠳ ᠱᠠᠨᠢᠪᠣᠷᠨᠢᠩ( ᠪᠤᠭᠤ ᠶᠢᠨ ᠬᠣᠷᠭᠣᠯ᠂ ᠵᠢᠷᠦᠬᠡ) ᠶᠢ ᠢᠮᠠᠭ᠎ᠠ᠂ ᠪᠥᠬᠦᠩ ᠦᠨ ᠬᠣᠳᠣᠭᠣᠳᠣ᠂ ᠥᠭᠡᠬᠦ ᠭᠤᠷᠪᠠ ᠶᠢ ᠨᠢᠵᠡᠭᠡᠳ ᠡᠨᠳᠡᠭᠦᠷᠡᠨ᠎ᠡ᠃ ᠡᠮ ᠥᠭᠬᠦ ᠳᠦ ᠤᠷᠢᠳ ᠬᠣᠵᠢᠳ ᠲᠠᠯᠪᠢᠬᠤ ᠪᠠ ᠦᠰᠦᠭ ᠦᠨ ᠬᠣᠪᠢ ᠠᠯᠳᠠᠭ᠎ᠠ ᠶᠢ ᠦᠯᠦ ᠠᠩᠬᠠᠷᠤᠨ᠂ ᠥᠩᠭᠡᠷᠡᠭᠰᠡᠨ ᠪᠠ ᠢᠷᠡᠭᠡᠳᠦᠢ ᠳᠦ ᠡᠨᠳᠡᠭᠦᠷᠡᠬᠦ ᠣᠯᠠᠨ᠃ ᠡᠳᠡᠭᠡᠷ ᠪᠠᠭ᠎ᠠ ᠰᠠᠭ᠎ᠠ ᠡᠨᠳᠡᠭᠦᠷᠡᠯ ᠢ ᠶᠡᠬᠡ ᠲᠦᠯᠦᠪ ᠡᠭᠦᠨ ᠢᠶᠡᠷ ᠣᠷᠤᠯᠠᠪᠠ᠃ ᠪᠦᠬᠦᠨ ᠳᠦ ᠡᠨᠳᠡᠭᠦᠷᠡᠯ ᠦᠭᠡᠢ ᠮᠡᠷᠭᠡᠨ ᠪᠠᠬᠰᠢ ᠶᠢ ᠰᠢᠲᠦᠭᠲᠦᠨ᠃ 

ᠵᠣᠬᠢᠶᠠᠬᠴᠢ ᠶᠢᠨ ᠦᠭᠦᠯᠡᠯ

ᠠᠯᠢᠨ ᠤ ᠠᠳᠢᠰᠲᠠᠳ ᠠᠯᠲᠠᠨ ᠨᠠᠷᠠᠨ ᠤ ᠬᠦᠴᠦᠨ ᠢᠶᠡᠷ
ᠠᠯᠮᠠᠢ ᠮᠢᠨᠦ ᠣᠶᠤᠨ ᠤ ᠯᠢᠩᠬᠤ᠎ᠠ ᠶᠢᠨ ᠭᠣᠬ᠎ᠠ ᠪᠠᠷ
ᠠᠷᠪᠢᠨ ᠨᠣᠮᠯᠠᠯ ᠠᠭᠤᠵᠢᠮ ᠳᠠᠯᠠᠢ ᠶᠢᠨ ᠬᠣᠢᠬ ᠠᠴᠠ
ᠠᠷᠢᠭᠤᠳᠬᠠᠨ ᠱᠢᠷᠦᠨ ᠦ ᠬᠦᠵᠦᠭᠦᠨ ᠴᠢᠮᠡᠭ ᠢ ᠬᠢᠯᠬᠡᠭᠰᠡᠨ ᠢᠨᠣ ᠶᠠᠭᠤᠲᠠᠢ

ᠦᠵᠡᠯᠭᠡ ᠦᠭᠡᠢ ᠬᠦᠮᠦᠨ ᠲᠡᠭᠦᠨ᠎ᠡ
ᠦᠯᠡᠮᠵᠢ ᠦᠵᠡᠮᠦᠷ ᠶᠠᠭᠤᠨ ᠳᠤᠰᠠ
ᠦᠵᠡᠯ ᠪᠤᠷᠤᠭᠤ ᠠᠲᠠᠭᠠᠲᠠᠨ ᠬᠥᠮᠦᠨ᠎ᠡ
ᠦᠨᠡᠨ ᠨᠣᠮᠯᠠᠯ ᠬᠡᠷᠡᠭ ᠪᠠᠢᠨ᠎ᠠ ᠤᠤ᠃

ᠬᠠᠰᠢ ᠶᠠᠰᠢ ᠪᠢᠴᠢᠭᠰᠡᠨ ᠡᠭᠦᠨ ᠢ
ᠬᠠᠮᠤᠭ ᠮᠡᠷᠭᠡᠳ ᠲᠣᠯᠢᠳᠠᠨ ᠵᠠᠰᠠ
ᠬᠠᠶᠠ ᠵᠠᠷᠢᠮ ᠴᠤ ᠳᠤᠷ᠎ᠠ ᠵᠣᠷᠢᠬ ᠪᠤᠰᠤ
ᠬᠠᠷᠢᠨᠴᠤ ᠤᠯᠠᠮᠵᠢᠯᠠᠯᠲᠤ ᠣᠪᠠᠳᠢᠰ ᠮᠦᠨ᠃

ᠠᠴᠢᠲᠤ ᠯᠠᠮᠠ ᠶᠢᠨ ᠭᠤᠷᠪᠠᠨ ᠨᠢᠭᠤᠴᠠ ᠷᠠᠰᠢᠶᠠᠨ ᠭᠡᠷᠡᠯ ᠦᠨ
ᠠᠳᠠᠰᠳᠠᠳ ᠠᠨᠤ ᠠᠷᠪᠠᠨ ᠵᠦᠭ ᠲᠤᠷ ᠰᠠᠴᠤᠷᠠᠬᠰᠠᠨ ᠢᠶᠠᠷ
ᠠᠮᠢᠲᠠᠨ ᠪᠦᠬᠦᠨ ᠦ ᠬᠠᠷᠠᠩᠭᠤᠢ ᠵᠣᠪᠠᠯᠠᠩ ᠨᠠᠰᠤᠳᠠ ᠠᠷᠢᠯᠵᠤ
ᠠᠮᠣᠷ ᠵᠢᠷᠭᠠᠯ ᠤᠨ ᠬᠥᠮᠦᠲᠡᠨ ᠴᠡᠴᠡᠭ ᠦᠨᠢᠳᠡ ᠳᠡᠯᠭᠡᠷᠡᠬᠦ ᠪᠣᠯᠲᠤᠭᠠᠢ!
ᠭᠡᠮᠡᠨ ᠰᠠᠢᠨ ᠨᠣᠮᠯᠠᠯ ᠤᠨ ᠳᠠᠯᠠᠢ ᠠᠴᠠ ᠳᠠᠲᠠᠬᠰᠠᠨ ᠱᠢᠷᠦᠨ ᠡᠷᠢᠬᠡ ᠰᠠᠢᠨ ᠦᠢᠯᠡᠳᠳᠦᠨ ᠨᠤᠭᠦᠳ ᠦᠨ ᠬᠦᠵᠦᠭᠦᠨ ᠴᠢᠮᠡᠭ ᠬᠡᠮᠡᠬᠦ ᠡᠭᠦᠨ ᠢ ᠡᠮᠴᠢ ᠳᠠᠨᠽᠠᠨᠰᠤᠢ᠍ᠯᠷᡁᠮ᠂ ᠡᠮᠴᠢ ᠵᠠᠮᠢᠶᠠᠩᠫᠡᠷᠡᠩᠯᠡᠢ᠂ ᠡᠮᠴᠢ ᠨᠢᠮ᠎ᠠ ᠲᠡᠷᠢᠭᠦᠲᠡᠨ ᠪᠤᠰᠤᠳ ᠤᠨ ᠳᠤᠰᠠ ᠶᠢ ᠦᠢᠯᠡᠳᠦᠭᠴᠢᠳ ᠡᠨᠡ ᠮᠡᠲᠦ ᠨᠢᠭᠡᠨ ᠬᠡᠷᠡᠭᠲᠡᠢ ᠬᠡᠮᠡᠨ ᠳᠠᠬᠢᠨ ᠳᠠᠪᠲᠠᠨ ᠳᠤᠷᠠᠳᠤᠬᠰᠠᠨ ᠠᠴᠠ ᠬᠢᠵᠠᠭᠠᠷ ᠣᠷᠣᠨ ᠤ ᠪᠢᠳᠠᠭᠤ ᠮᠣᠩᠬᠠᠬ ᠭᠦᠩ ᠦᠨ ᠵᠤᠤ ᠶᠢᠨ ᠭᠡᠭᠡᠨ ᠬᠣᠪᠢᠯᠭᠠᠨ ᠤ ᠨᠡᠷ᠎ᠡ ᠵᠠᠭᠦᠭᠰᠡᠨ ᠠᠬᠸᠠᠩᠯᠤᠢ᠍ᠩᠷᠢᠬᠲᠤᠪᠳᠠᠨᠨᠢᠮ᠎ᠠ ᠪᠣᠶᠤ ᠪᠤᠰᠤᠳ ᠨᠡᠷ᠎ᠡ ᠳᠣᠷᠵᠢᠫᠠᠯᠠᠮ ᠢᠶᠠᠷ ᠵᠢᠭᠳᠡᠭᠦᠯᠦᠨ ᠨᠠᠢᠷᠠᠭᠤᠯᠵᠤ ᠵᠣᠬᠢᠶᠠᠪᠠ᠃ ᠠᠮᠢᠲᠠᠨ ᠪᠦᠬᠦᠨ ᠭᠤᠷᠪᠠᠨ ᠬᠣᠣᠷ ᠤᠨ ᠡᠪᠡᠳᠴᠢᠨ ᠡᠴᠡ ᠲᠦᠷᠭᠡᠨ ᠭᠡᠲᠦᠯᠬᠦ ᠪᠣᠯᠲᠤᠭᠠᠢ!

ᠲᠠᠢᠯᠪᠣᠷᠢ

ᠯᠦᠩ᠄ ᠤᠯᠠᠮᠵᠢᠯᠠᠯᠲᠤ ᠡᠷᠳᠡᠮ ᠢᠶᠡᠨ ᠪᠤᠰᠤᠳ ᠲᠤ ᠳᠠᠮᠵᠢᠭᠤᠯᠬᠤ ᠶᠢ ᠯᠦᠩ ᠲᠠᠯᠪᠢᠨ᠎ᠠ ᠭᠡᠳᠡᠭ᠃
ᠲᠤᠵᠢᠷᠠᠬᠰᠠᠨ᠄ ᠮᠠᠨᠳᠤᠨ ᠭᠠᠷᠤᠬᠰᠠᠨ᠃
ᠭᠤᠷᠪᠠᠨ ᠴᠤᠬᠠᠬ ᠳᠡᠭᠡᠳᠦᠰ᠄ ᠯᠠᠮᠠ ᠪᠤᠷᠬᠠᠨ ᠴᠤᠬᠠᠬ ᠳᠡᠭᠡᠳᠦ᠂ ᠲᠡᠭᠦᠨ ᠦ ᠨᠣᠮᠯᠠᠬᠰᠠᠨ ᠨᠣᠮ ᠴᠤᠬᠠᠬ ᠳᠡᠭᠡᠳᠦ᠂ ᠲᠡᠭᠦᠨ ᠢ ᠳᠠᠭᠠᠨ ᠪᠠᠷᠢᠬᠴᠢ ᠬᠤᠸᠠᠷᠠᠭ ᠴᠤᠬᠠᠬ ᠳᠡᠭᠡᠳᠦ ᠵᠡᠷᠭᠡ ᠭᠤᠷᠪᠠ ᠶᠢ ᠬᠡᠯᠡᠨ᠎ᠡ᠃
ᠸᠴᠢᠷᠳᠠᠷ᠎ᠠ᠄ ᠲᠠᠷᠨᠢ ᠶᠢᠨ ᠶᠣᠰᠤᠨ ᠢ ᠨᠣᠮᠯᠠᠬᠤ ᠦᠶ᠎ᠡ ᠳᠦ ᠱᠠᠬᠵᠠᠮᠤᠨᠢ ᠶᠢᠨ ᠬᠣᠪᠢᠯᠤᠬᠰᠠᠨ ᠳᠦᠷᠢ ᠶᠢᠨ ᠨᠡᠷ᠎ᠡ᠃
ᠭᠤᠷᠪᠠᠨ ᠶᠢᠷᠲᠢᠨᠴᠦ᠄ ᠬᠦᠰᠡᠯᠡᠩᠲᠦ ᠶᠢᠷᠲᠢᠨᠴᠦ᠂ ᠳᠦᠷᠰᠦᠲᠦ ᠶᠢᠷᠲᠢᠨᠴᠦ᠂ ᠲᠦᠷᠰᠦ ᠦᠭᠡᠢ ᠶᠢᠷᠲᠢᠨᠴᠦ ᠭᠤᠷᠪᠠ᠃
ᠪᠢᠰᠮᠠᠨ ᠲᠩᠷᠢ᠄ ᠡᠷᠬᠡᠲᠦ ᠦᠬᠢᠨ ᠲᠩᠷᠢ᠃
ᠭᠤᠷᠪᠠᠨ ᠴᠠᠬ᠄ ᠥᠩᠭᠡᠷᠡᠭᠰᠡᠨ᠂ ᠡᠳᠦᠭᠡ᠂ ᠢᠷᠡᠭᠡᠳᠦᠢ ᠶᠢᠨ ᠭᠤᠷᠪᠠᠨ ᠴᠠᠬ ᠢ ᠬᠡᠯᠡᠨ᠎ᠡ᠃
ᠭᠤᠷᠪᠠᠨ ᠲᠠᠨ᠎ᠠ᠄ ᠭᠤᠷᠪᠠᠨ ᠶᠢᠷᠲᠢᠨᠴᠦ᠂ ᠭᠤᠷᠪᠠᠨ ᠳᠡᠭᠡᠳᠦ᠂ ᠭᠤᠷᠪᠠᠨ ᠴᠤᠬᠠᠭ ᠢ ᠵᠢᠭᠠᠵᠤ ᠪᠣᠢ᠃
ᠠᠯᠢᠮᠠᠳ᠄ ᠠᠯᠢ ᠨᠢᠭᠡᠨ᠃ ᠡᠨᠳᠡ ᠪᠢᠰᠮᠠᠨ ᠲᠩᠷᠢ ᠶᠢ ᠵᠢᠭᠠᠵᠠᠢ᠃
ᠨᠢᠭᠤᠴᠠ ᠭᠤᠷᠪᠠᠨ ᠯᠢᠩᠬᠤ᠎ᠠ᠄ ᠯᠠᠬᠱᠠᠨ ᠤ᠂ ᠵᠠᠷᠯᠢᠭ ᠤᠨ᠂ ᠲᠠᠭᠠᠯᠠᠯ ᠤᠨ ᠨᠢᠭᠤᠴᠠ ᠶᠢ ᠬᠡᠯᠡᠬᠦ ᠪᠥᠭᠡᠳ ᠡᠨᠡ ᠨᠢ ᠪᠡᠶ᠎ᠡ᠂ ᠬᠡᠯᠡ᠂ ᠰᠡᠳᠬᠢᠯ ᠦᠨ ᠭᠤᠷᠪᠠᠨ ᠨᠢᠭᠤᠴᠠ ᠶᠢ ᠵᠢᠭᠠᠵᠠᠢ᠃
ᠤᠱᠠᠳᠠ᠄ ᠴᠡᠴᠡᠭ ᠦᠨ ᠪᠠᠯ᠃
ᠰᠢᠳᠢ᠄ ᠨᠣᠮᠴᠢᠯᠠᠨ ᠶᠠᠪᠤᠬᠴᠢ ᠶᠢ ᠦᠷᠡᠴᠢᠯᠡᠨ ᠳᠡᠳᠬᠦᠭᠴᠢ ᠪᠤᠷᠬᠠᠨ᠂ ᠰᠢᠳᠢ ᠰᠠᠬᠢᠭᠤᠯᠰᠤᠨ ᠤ ᠨᠡᠷ᠎ᠡ᠃
ᠶᠦᠲ᠋ᠣᠬ᠄ ᠣᠭ᠌‍ᠶᠤᠨ ᠵᠡᠭᠦᠳᠡᠯᠲᠦ ᠭᠡᠰᠡᠨ ᠤᠳᠬ᠎ᠠ ᠲᠠᠢ᠂ ᠤᠯᠠᠮᠵᠢᠯᠠᠯᠲᠤ ᠬᠥᠮᠦᠨ ᠦ ᠨᠡᠷ᠎ᠡ᠃
ᠫᠠ ᠳ᠋ᠠᠮᠪᠠ᠄ ᠬᠥᠮᠦᠨ ᠦ ᠨᠡᠷ᠎ᠡ᠃
ᠨᠠᠢ᠍ᠮᠠᠨ ᠭᠠᠪᠠᠯᠠ᠄ ᠲᠦᠪᠡᠳ ᠨᠣᠮ ᠤᠨ ᠶᠣᠰᠤᠨ ᠤ ᠬᠢᠵᠢᠭ ᠰᠡᠷᠭᠡᠢᠯᠡᠬᠦ ᠳᠦ ᠬᠦᠵᠦᠭᠦᠨ ᠡᠴᠡ ᠵᠡᠭᠦᠳᠡᠭ ᠡᠳ᠋᠃
ᠭᠠᠷᠤᠳᠢ ᠶᠢᠨ ᠬᠦᠷᠳᠦ᠄ ᠲᠦᠪᠡᠳ ᠨᠣᠮ ᠤᠨ ᠶᠣᠰᠤᠨ ᠤ ᠬᠢᠵᠢᠭ ᠰᠡᠷᠭᠡᠢᠯᠡᠬᠦ ᠳᠦ ᠬᠦᠵᠦᠭᠦᠨ ᠡᠴᠡ ᠵᠡᠭᠦᠳᠡᠭ ᠡᠳ᠋᠃
ᠵᠡᠷᠯᠢᠭ ᠭᠠᠬᠠᠢ ᠶᠢᠨ ᠬᠦᠷᠳᠦ᠄ ᠲᠦᠪᠡᠳ ᠨᠣᠮ ᠤᠨ ᠶᠣᠰᠤᠨ ᠤ ᠬᠢᠵᠢᠭ ᠰᠡᠷᠭᠡᠢᠯᠡᠬᠦ ᠳᠦ ᠬᠦᠵᠦᠭᠦᠨ ᠡᠴᠡ ᠵᠡᠭᠦᠳᠡᠭ ᠡᠳ᠋᠃
ᠸᠴᠢᠷ ᠦᠨ ᠰᠦᠪᠡ᠄ ᠰᠢᠭᠡᠰᠦᠨ ᠰᠦᠪᠡ᠃
ᠢᠷᠣ᠎ᠠ᠄ ᠰᠢᠨᠵᠢ ᠲᠡᠮᠳᠡᠭ᠃ ᠰᠠᠢᠨ ᠮᠠᠭᠤ ᠢᠷᠣ᠎ᠠ ᠭᠡᠬᠦ ᠮᠡᠲᠦ᠃
ᠤᠰᠤᠨ ᠤ ᠪᠣᠬ᠄ ᠳᠠᠷᠤᠢ ᠤᠰᠤᠨ ᠳᠤ ᠳᠣᠬᠲᠠᠬᠰᠠᠨ ᠯᠠᠬ ᠪᠣᠬ᠃
ᠪᠡᠷᠡᠮᠬᠢ᠄ ᠬᠣᠷᠣᠬᠠᠢ ᠶᠢᠨ ᠨᠡᠷ᠎ᠡ᠃
ᠭᠣᠳᠮᠠᠺᠠ᠄① ᠭᠡᠭᠦᠦ ᠮᠣᠷᠢᠨ ᠤ ᠬᠡᠯᠪᠡᠷᠢᠲᠦ ᠭᠠᠯᠲᠤ ᠠᠭᠤᠯᠠ ᠭᠡᠵᠦ ᠬᠡᠯᠡᠳᠡᠭ᠃② ᠬᠦᠴᠦᠨ ᠶᠡᠬᠡᠲᠡᠢ ᠬᠠᠯᠠᠭᠤᠨ ᠴᠢᠨᠠᠷᠲᠠᠢ ᠡᠮ ᠨᠠᠢᠷᠠᠯᠲᠠ ᠶᠢ ᠬᠡᠯᠡᠬᠦ ᠬᠣᠶᠠᠷ ᠤᠳᠬ᠎ᠠ ᠲᠠᠢ᠃
ᠪᠠᠨᠽᠠᠷ᠄ ᠸᠴᠢᠷ ᠭᠡᠰᠡᠨ ᠦᠭᠡ᠃ ᠡᠨᠳᠡ ᠡᠷ᠎ᠡ ᠪᠡᠯᠭᠡᠰ ᠢ ᠵᠢᠭᠠᠵᠠᠢ᠃
ᠪᠧᠳᠶ᠎ᠡ ᠡᠬᠡ᠄①明妃②活佛之妻。
ᠥᠪᠡᠷ ᠦᠨ ᠨᠢᠭᠤᠴᠠ ᠦᠰᠦ᠄ ᠪᠡᠯᠭᠡᠰ ᠦᠨ ᠦᠰᠦ᠃
ᠡᠷᠯᠢᠭ ᠦᠨ ᠴᠡᠯᠮ᠎ᠡ᠄ ᠦᠬᠦᠯ ᠦᠨ ᠣᠷᠣᠨ ᠳᠤ ᠬᠥᠲᠥᠯᠬᠦ ᠳᠡᠭᠡᠰᠦ᠃
ᠭᠠᠷᠤᠳᠤᠢ᠍ᠰ᠄ ᠪᠠᠭᠠᠰᠤ᠃
※ ᠢᠰᠢᠳᠠᠨᠽᠡᠨᠸᠠᠩᠵᠢᠯ ᠤᠨ ᠡᠮ ᠦᠨ ᠵᠣᠷ ᠪᠠ ᠡᠮᠴᠢᠯᠡᠭᠡ ᠶᠢᠨ ᠰᠢᠯᠦᠭ ᠢ《 ᠳᠠᠨᠽᠡᠨᠸᠠᠩᠵᠢᠯ ᠲᠤᠪᠳᠠᠨᠨᠢᠮ᠎ᠠ ᠶᠢᠨ ᠡᠮᠴᠢᠯᠡᠭᠡᠨ ᠦ ᠵᠣᠷ ᠵᠠᠰᠠᠯ》( ᠥᠪᠥᠷ ᠮᠣᠩᠭᠣᠯ ᠤᠨ ᠠᠷᠠᠳ ᠤᠨ ᠬᠡᠪᠯᠡᠯ ᠦᠨ ᠬᠣᠷᠢᠶ᠎ᠠ᠂1995 ᠣᠨ ᠤ12 ᠳ᠋ᠤᠭᠠᠷ ᠰᠠᠷ᠎ᠠ᠂ ᠵᠠᠨᠯᠰᠠᠨᠽᠠᠩᠪᠤ᠂ ᠣᠳᠬᠠᠨᠪᠢᠯᠢᠭ ᠤᠨ ᠣᠷᠴᠢᠭᠤᠯᠭ᠎ᠠ ᠠᠴᠠ ᠰᠡᠢᠷᠡᠭᠦᠯᠦᠨ ᠠᠪᠤᠪᠠ)᠃ 

ᠬᠣᠢᠨᠠᠬᠢ ᠲᠡᠮᠳᠡᠭᠯᠡᠯ

         《ᠳᠠᠩᠽᠠᠨᠸᠠᠩᠵᠢᠯ ᠲᠣᠪᠳᠠᠨᠨᠢᠮ᠎ᠠ ᠶᠢᠨ ᠡᠮᠴᠢᠯᠡᠭᠡᠨ ᠦ ᠵᠣᠷ ᠵᠠᠰᠠᠯ》 ᠳᠣᠲᠣᠷᠠᠬᠢ ᠳᠠᠩᠽᠡᠨᠸᠠᠩᠵᠢᠯ( ᠢᠰᠢᠳᠠᠨᠽᠠᠨᠸᠠᠩᠵᠢᠯ) ᠤᠨ ᠵᠣᠬᠢᠶᠠᠯ ᠪᠣᠯᠬᠤ《 ᠱ‍ᠢᠷᠦᠨᠴᠢᠮᠡᠭ》( ᠵᠤᠢ᠍ᠷᠤᠳᠦᠰᠡᠯ) ᠭᠡᠬᠦ ᠮᠣᠩᠭᠣᠯ ᠠᠨᠠᠭᠠᠬᠤ ᠤᠬᠠᠭᠠᠨ ᠤ ᠵᠣᠬᠢᠶᠠᠯ ᠢ ᠣᠷᠳᠣᠰ ᠤᠨ ᠡᠵᠡᠨ ᠬᠣᠷᠣᠭ᠎ᠠ ᠬᠤᠰᠢᠭᠤᠨ ᠤ ᠭᠦᠩ ᠦᠨ ᠵᠤᠤ ᠬᠡᠢᠳ ᠦᠨ ᠲᠠᠪᠤᠳᠤᠭᠠᠷ ᠳᠦᠷᠢ ᠶᠢᠨ ᠭᠡᠭᠡᠨ᠂ ᠠᠯᠳᠠᠷᠲᠤ ᠮᠣᠩᠭᠣᠯ ᠡᠮᠴᠢ— ᠲᠠᠩᠽᠠᠨᠸᠠᠩᠵᠢᠯ( ᠢᠰᠢᠳᠠᠨᠽᠡᠨᠸᠠᠩᠵᠢᠯ)(1853—1906 ᠣᠨ)19 ᠳ᠋ᠦ᠍ᠭᠡᠷ ᠵᠠᠭᠤᠨ ᠤ ᠰᠡᠭᠦᠯᠴᠢ ᠪᠡᠷ ᠲᠦᠪᠡᠳ ᠬᠡᠯᠡ ᠪᠡᠷ ᠵᠣᠬᠢᠶᠠᠵᠠᠢ᠃ ᠲᠤᠰ ᠵᠣᠬᠢᠶᠠᠯ ᠨᠢ ᠠᠭᠤᠯᠭ᠎ᠠ ᠪᠠᠷ ᠪᠠᠶᠠᠯᠢᠭ᠂ ᠠᠪᠰᠠᠷᠬᠠᠨ᠂ ᠣᠢᠯᠠᠭᠠᠬᠤ ᠳᠤ ᠬᠢᠯᠪᠠᠷ ᠨᠠᠢᠷᠠᠯᠲᠠ ᠶᠢ ᠰᠤᠩᠭᠤᠨ᠂ ᠬᠡᠷᠡᠭᠯᠡᠬᠦ ᠳᠦ ᠳᠦᠭᠦᠮ᠂ ᠡᠮᠴᠢᠯᠡᠭᠡᠨ ᠦ ᠦᠷ᠎ᠡ ᠳ᠋ᠦᠩ ᠨᠢ ᠰᠠᠢᠨ ᠪᠠᠢᠳᠠᠬ ᠠᠴᠠ《 ᠶᠡᠬᠡ ᠬᠥᠯᠭᠡ ᠶᠢ ᠤᠬᠠᠬᠰᠠᠳ ᠰᠤᠩᠭᠤᠨ ᠬᠡᠷᠡᠭᠯᠡᠬᠦᠶ᠎ᠡ ᠬᠢᠯᠪᠠᠷ ᠣᠨᠣᠯ ᠤᠬᠠᠭᠠᠨ ᠮᠡᠳᠡᠬᠦ ᠦᠭᠡᠢ ᠡᠮᠴᠢ ᠨᠠᠷ ᠤᠬᠠᠵᠤ ᠮᠡᠳᠡᠬᠦᠶ᠎ᠡ ᠳᠥᠭᠥᠮ》 ᠬᠡᠮᠡᠨ ᠠᠯᠳᠠᠷᠰᠢᠬᠰᠠᠨ ᠠᠴᠠ ᠣᠷᠳᠣᠰ ᠠᠴᠠ ᠠᠪᠤᠭᠠᠳ ᠪᠦᠬᠦ ᠣᠷᠣᠨ ᠤ ᠮᠣᠩᠭᠣᠯ ᠡᠮᠴᠢ ᠵᠢᠴᠢ ᠮᠣᠩᠭᠣᠯ ᠠᠷᠠᠳ ᠤᠯᠤᠰ᠂ ᠪᠤᠷᠢᠶᠠᠳ ᠮᠣᠩᠭᠣᠯ ᠬᠦᠷᠳᠡᠯ᠎ᠡ ᠥᠷᠭᠡᠨ ᠢᠶᠡᠷ ᠤᠯᠠᠮᠵᠢᠯᠠᠬᠳᠠᠨ ᠬᠡᠷᠡᠭᠯᠡᠭᠳᠡᠭᠡᠳ ᠢᠷᠡᠭᠰᠡᠨ ᠮᠣᠩᠭᠣᠯ ᠡᠮᠨᠡᠯᠭᠡ ᠶᠢᠨ ᠠᠯᠳᠠᠷᠲᠤ ᠵᠣᠬᠢᠶᠠᠯ ᠪᠦᠲᠦᠭᠡᠯ ᠪᠣᠯᠬᠤ ᠶᠤᠮ᠃ ᠲᠤᠰ ᠵᠣᠬᠢᠶᠠᠯ ᠨᠢ99 ᠭᠡᠰᠡᠭ ᠢᠶᠡᠷ ᠦᠷᠭᠦᠯᠵᠢ ᠳᠣᠬᠢᠶᠠᠯᠳᠤᠬᠤ᠂ ᠣᠯᠠᠨ ᠳᠡᠯᠭᠡᠷᠡᠬᠦ ᠡᠪᠡᠳᠴᠢᠨ ᠢ ᠳᠥᠭᠥᠮ ᠲᠣᠳᠣᠷᠬᠠᠢ ᠪᠠᠷ ᠲᠠᠨᠢᠯᠴᠠᠭᠤᠯᠵᠤ᠂ ᠲᠠᠩ ᠳᠠᠯᠬ᠎ᠠ ᠶᠢᠨ ᠨᠠᠢᠷᠠᠯᠲᠠ᠂ ᠲᠤᠤᠹᠢᠯᠢᠩ ᠲᠠᠩ ᠪᠣᠯᠤᠨ ᠡᠮ ᠨᠣᠮᠣᠬᠠᠳᠬᠠᠬᠤ ᠠᠷᠭ᠎ᠠ ᠵᠡᠷᠭᠡ ᠶᠢ ᠪᠠᠬᠲᠠᠭᠠᠵᠠᠢ᠃ ᠡᠭᠦᠨ ᠳᠦ ᠡᠮ ᠦᠨ ᠨᠠᠢᠷᠠᠯᠲᠠ220 ᠢᠯᠡᠭᠦᠦ᠂ ᠢᠬᠢᠷ ᠰᠢᠬᠢᠷ ᠵᠠᠰᠠᠯ100 ᠭᠠᠷᠤᠢ᠂ ᠡᠮ ᠨᠣᠮᠣᠬᠠᠳᠬᠠᠬᠤ ᠠᠷᠭ᠎ᠠ40 ᠣᠷᠴᠢᠮ ᠢ ᠪᠠᠬᠲᠠᠭᠠᠵᠤ᠂ ᠭᠡᠰᠡᠭ ᠪᠦᠷᠢ ᠶᠢᠨ ᠰᠡᠭᠦᠯ ᠳ᠋ᠤᠨᠢ ᠰᠢᠯᠦᠭᠯᠡᠯ ᠢᠶᠡᠷ ᠬᠤᠷᠢᠶᠠᠩᠭᠤᠢᠯᠠᠵᠤ ᠲᠡᠭᠦᠰᠬᠡᠭᠰᠡᠨ ᠪᠣᠢ᠃
        《 ᠳᠠᠩᠽᠠᠨᠸᠠᠩᠵᠢᠯ ᠲᠣᠪᠳᠠᠨᠨᠢᠮ᠎ᠠ ᠶᠢᠨ ᠵᠣᠷ ᠵᠠᠰᠠᠯ》 ᠳᠣᠲᠣᠷᠠᠬᠢ ᠲᠣᠪᠳᠠᠨᠨᠢᠮ᠎ᠠ ᠶᠢᠨ ᠵᠣᠬᠢᠶᠠᠯ ᠪᠣᠯᠬᠤ《 ᠱᠢᠷᠦᠨ ᠬᠦᠵᠦᠭᠦᠨ ᠴᠢᠮᠡᠭ》( ᠵᠦᠷᠦᠭᠦᠯᠵᠢᠨ) ᠭᠡᠬᠦ ᠵᠣᠬᠢᠶᠠᠯ ᠢ ᠶᠡᠬᠡ ᠵᠤᠤ ᠠᠢᠮᠠᠭ ᠤᠨ ᠡᠵᠡᠨ ᠬᠣᠷᠣᠭ᠎ᠠ ᠬᠤᠰᠢᠭᠤᠨ ᠤ ᠭᠦᠩ ᠦᠨ ᠵᠤᠤ ᠬᠡᠢᠳ ᠦᠨ ᠵᠢᠷᠭᠤᠳᠤᠭᠠᠷ ᠭᠡᠭᠡᠨ᠂ ᠠᠯᠳᠠᠷᠲᠤ ᠮᠣᠩᠭᠣᠯ ᠡᠮᠴᠢ ᠲᠣᠪᠳᠠᠨᠨᠢᠮ᠎ᠠ( ᠠᠬᠸᠠᠩᠯᠤᠢ᠍ᠩᠷᠢᠬᠲᠣᠪᠳᠠᠨᠨᠢᠮ᠎ᠠ)(1909—1955 ᠣᠨ)1939—1953 ᠣᠨ ᠤ ᠬᠣᠭᠣᠷᠣᠨᠳᠣ ᠲᠥᠪᠡᠳ ᠬᠡᠯᠡ ᠪᠡᠷ ᠵᠣᠬᠢᠶᠠᠬᠰᠠᠨ ᠪᠥᠭᠡᠳ ᠲᠤᠰ ᠵᠣᠬᠢᠶᠠᠯ ᠢ《 ᠱ‍ᠢᠷᠦᠨᠴᠢᠮᠡᠭ》 ᠦᠨ ᠦᠷᠭᠦᠯᠵᠢᠯᠡᠯ ᠵᠣᠬᠢᠶᠠᠯ ᠭᠡᠳᠡᠭ᠃
         ᠲᠤᠰ ᠵᠣᠬᠢᠶᠠᠯ ᠢ1954 ᠣᠨ ᠳᠤ ᠠᠩᠬ᠎ᠠ ᠤᠳᠠᠭ᠎ᠠ ᠲᠣᠬᠣᠢ ᠶᠢᠨ ᠵᠤᠤ ᠬᠡᠢᠳ ᠳᠡᠭᠡᠷ᠎ᠡ ᠲᠣᠰᠣᠨ ᠬᠡᠪ ᠢᠶᠡᠷ ᠬᠡᠪᠯᠡᠭᠳᠡᠨ ᠣᠷᠳᠣᠰ ᠨᠤᠲᠤᠭ ᠲᠤ ᠤᠯᠠᠮᠵᠢᠯᠠᠭᠳᠠᠨ ᠬᠡᠷᠡᠭᠯᠡᠭᠳᠡᠭᠰᠡᠨ ᠪᠣᠯᠪᠠᠴᠤ᠂ ᠬᠠᠷᠠᠮᠰᠠᠯᠲᠠᠢ ᠨᠢ ᠤᠤᠯ ᠵᠣᠬᠢᠶᠠᠯ ᠤᠨ ᠭᠠᠷ ᠪᠢᠴᠢᠮᠡᠯ ᠢ ᠡᠳᠦᠭᠡ ᠬᠦᠷᠲᠡᠯ᠎ᠡ ᠣᠯᠵᠤ ᠴᠢᠳᠠᠭᠠᠳᠤᠢ ᠪᠠᠢᠬᠰᠠᠭᠠᠷ ᠲᠤᠯᠠ᠂ ᠲᠤᠰ ᠤᠳᠠᠭ᠎ᠠ ᠴᠤ ᠮᠦᠨ ᠲᠣᠬᠣᠢ ᠶᠢᠨ ᠵᠤᠤ ᠶᠢᠨ ᠲᠤᠰᠤᠨ ᠬᠡᠪ ᠢ ᠦᠨᠳᠦᠰᠦᠯᠡᠵᠦ ᠣᠷᠴᠢᠭᠤᠯᠤᠬᠰᠠᠨ ᠪᠠᠢᠨ᠎ᠠ᠃ ᠲᠤᠰ ᠵᠣᠬᠢᠶᠠᠯ ᠤᠨ ᠪᠥᠲᠦᠴᠡ ᠡᠴᠡ ᠦᠵᠡᠬᠦ ᠳᠦ ᠬᠡᠳᠦᠢᠪᠡᠷ ᠣᠬᠣᠷ ᠠᠪᠰᠠᠷᠬᠠᠨ ᠵᠣᠬᠢᠶᠠᠯ ᠪᠣᠯᠬᠤ ᠪᠣᠯᠪᠠᠴᠤ᠂ ᠭᠣᠣᠯᠳᠠᠭᠤ ᠣᠳᠣ ᠦᠶ᠎ᠡ ᠳᠦ ᠣᠯᠠᠨ ᠳᠡᠯᠭᠡᠷᠡᠬᠦ ᠬᠠᠯᠳᠠᠪᠤᠷᠢᠲᠤ ᠡᠪᠡᠳᠴᠢᠨ᠂ ᠨᠢᠶᠠᠨ ᠡᠪᠡᠳᠴᠢᠨ᠂ ᠬᠢᠵᠢᠭ ᠡᠪᠡᠳᠴᠢᠨ ᠢ ᠤᠷᠢᠳᠴᠢᠯᠠᠨ ᠰᠡᠷᠭᠡᠢᠯᠡᠬᠦ᠂ ᠡᠮᠴᠢᠯᠡᠨ ᠵᠠᠰᠠᠬᠤ ᠵᠡᠷᠭᠡ ᠲᠠᠯ᠎ᠠ ᠪᠠᠷ ᠨᠡᠯᠢᠶᠡᠳ ᠥᠷᠭᠡᠨ᠂ ᠨᠠᠷᠢᠨ ᠲᠣᠳᠣᠷᠬᠠᠢ ᠦᠭᠦᠯᠡᠭᠰᠡᠨ ᠡᠴᠡ ᠭᠠᠳᠠᠨ᠎ᠠ᠂ ᠡᠨᠳᠡᠭᠦᠷᠡᠯ ᠢ ᠠᠷᠢᠯᠭᠠᠬᠤ ᠲᠤᠬᠠᠢ᠂ ᠢᠬᠢᠷ ᠰᠢᠬᠢᠷ ᠡᠪᠡᠳᠴᠢᠨ ᠢ ᠵᠠᠰᠠᠬᠤ ᠣᠯᠠᠨ ᠠᠷᠪᠢᠨ ᠪᠠᠶᠠᠯᠢᠭ ᠠᠭᠤᠯᠭ᠎ᠠ᠂ ᠲᠤᠷᠰᠢᠯᠭ᠎ᠠ ᠶᠢ ᠬᠣᠷᠠᠮᠳᠤᠭᠤᠯᠤᠨ ᠪᠦᠬᠦ ᠵᠣᠬᠢᠶᠠᠯ ᠢᠶᠠᠨ13 ᠭᠡᠰᠡᠭ ᠬᠤᠪᠢᠶᠠᠵᠤ ᠲᠠᠢᠯᠪᠤᠷᠢᠯᠠᠬᠰᠠᠨ ᠪᠥᠭᠡᠳ300 ᠢᠯᠡᠭᠦᠦ ᠨᠠᠢᠷᠠᠯᠲᠠ ᠵᠣᠷ ᠢ ᠪᠠᠬᠲᠠᠭᠠᠵᠤ᠂ ᠵᠣᠬᠢᠶᠠᠯ ᠤᠨ ᠡᠬᠢᠯᠡᠯᠲᠡ ᠪᠣᠯᠤᠨ ᠲᠡᠭᠦᠰᠬᠡᠯᠳᠡ ᠳ᠋ᠤᠨᠢ ᠬᠤᠷᠢᠶᠠᠩᠭᠤᠢ ᠲᠣᠪᠴᠢᠯᠠᠬᠰᠠᠨ ᠵᠣᠬᠢᠶᠠᠬᠴᠢ ᠶᠢᠨ ᠦᠭᠦᠯᠡᠯ ᠢ ᠳᠠᠭᠠᠯᠳᠤᠭᠤᠯᠤᠬᠰᠠᠨ ᠪᠠᠢᠨ᠎ᠠ᠃ 
ᠪᠢᠳᠡ ᠮᠣᠩᠭᠣᠯ ᠡᠮ ᠡᠮᠨᠡᠯᠭᠡ ᠶᠢᠨ ᠤᠯᠠᠮᠵᠢᠯᠠᠯᠲᠤ ᠨᠣᠮ ᠪᠢᠴᠢᠭ ᠢ ᠵᠠᠯᠭᠠᠮᠵᠢᠯᠠᠨ ᠠᠪᠴᠤ᠂ ᠰᠤᠷᠴᠤ ᠰᠤᠳᠤᠯᠬᠤ ᠪᠠ ᠡᠮᠴᠢᠯᠡᠭᠡᠨ ᠳᠡᠭᠡᠷ᠎ᠡ ᠬᠡᠷᠡᠭᠯᠡᠬᠦ ᠵᠡᠷᠭᠡ ᠪᠣᠳᠠᠲᠠᠢ ᠬᠡᠷᠡᠭᠴᠡᠭᠡ ᠶᠢ ᠦᠨᠳᠦᠰᠦᠯᠡᠵᠦ᠂ ᠲᠤᠰ ᠬᠣᠶᠠᠷ ᠵᠣᠬᠢᠶᠠᠯ ᠤᠨ ᠤᠤᠯ ᠮᠣᠳᠣᠨ ᠪᠠᠷ ᠤᠨ ᠲᠥᠪᠡᠳ ᠬᠡᠪᠯᠡᠯ ᠪᠣᠯᠤᠨ ᠤᠤᠯ ᠲᠤᠰᠤᠨ ᠬᠡᠪ ᠦᠨ ᠳᠠᠷᠤᠮᠠᠯ ᠢ ᠦᠰᠦᠭ ᠦᠭᠦᠯᠡᠪᠦᠷᠢ ᠳᠠᠷᠠᠭᠠᠯᠠᠭᠤᠯᠤᠨ ᠣᠷᠴᠢᠭᠤᠯᠵᠤ᠂ ᠦᠭᠡ ᠦᠭᠦᠯᠡᠪᠦᠷᠢ᠂ ᠦᠰᠦᠭ ᠴᠡᠭ ᠢ ᠨᠢ ᠭᠡᠭᠡᠭᠳᠡᠯ ᠦᠭᠡᠢ ᠪᠡᠷ ᠬᠡᠪᠯᠡᠵᠦ ᠭᠠᠷᠭᠠᠬᠤ ᠪᠠᠷ ᠵᠣᠷᠢᠬᠰᠠᠨ ᠪᠠᠢᠨ᠎ᠠ᠃ ᠣᠷᠴᠢᠭᠤᠯᠬᠤ ᠳᠠᠭᠠᠨ ᠪᠢᠳᠠ ᠲᠠᠢᠵᠢ ᠨᠠᠷ ᠤᠨ ᠵᠤᠤ ᠶᠢᠨ ᠮᠣᠳᠣᠨ ᠪᠠᠷ ᠤᠨ ᠲᠥᠪᠡᠳ ᠬᠡᠪᠯᠡᠯ ᠪᠣᠯᠤᠨ ᠳᠠᠩᠽᠠᠨᠸᠠᠩᠵᠢᠯ( ᠢᠰᠢᠳᠠᠨᠽᠠᠨᠸᠠᠩᠵᠢᠯ) ᠤᠨ ᠳᠠᠷᠠᠭ᠎ᠠ ᠳᠦᠷᠢ ᠶᠢᠨ ᠭᠡᠭᠡᠨ— ᠲᠣᠪᠳᠠᠨᠨᠢᠮ᠎ᠠ( ᠠᠬᠸᠠᠩᠯᠤᠢ᠍ᠩᠷᠢᠬᠲᠣᠪᠳᠠᠨᠨᠢᠮ᠎ᠠ) ᠶᠢᠨ ᠭᠡᠰᠡᠭ ᠣᠷᠴᠢᠭᠤᠯᠭ᠎ᠠ ᠪᠣᠯᠤᠨ ᠤᠤᠯ ᠵᠣᠬᠢᠶᠠᠯ ᠤᠨ ᠬᠡᠯᠡ ᠬᠡᠯᠡᠯᠭᠡ ᠶᠢ ᠦᠨᠳᠦᠰᠦᠯᠡᠨ ᠠᠪᠰᠠᠷᠬᠠᠨ᠂ ᠣᠢᠯᠠᠭᠠᠮᠵᠢᠲᠠᠢ᠂ ᠤᠳᠬ᠎ᠠ ᠲᠣᠳᠣᠷᠬᠠᠢ ᠪᠠᠷ ᠣᠷᠴᠢᠭᠤᠯᠬᠤ ᠶᠢ ᠪᠠᠷᠢᠮᠲᠠᠯᠠᠬᠰᠠᠨ ᠪᠢᠯᠡ᠃
         ᠢᠩᠬᠢᠭᠡᠳ ᠳᠠᠩᠽᠠᠨᠸᠠᠩᠵᠢᠯ( ᠢᠰᠢᠳᠠᠨᠽᠠᠨᠸᠠᠩᠵᠢᠯ) ᠪᠣᠯᠣᠨ ᠲᠣᠪᠳᠠᠨᠨᠢᠮ᠎ᠠ( ᠠᠬᠸᠠᠩᠯᠤᠢ᠍ᠩᠷᠢᠬᠲᠣᠪᠳᠠᠨᠨᠢᠮ᠎ᠠ) ᠬᠣᠶᠠᠷ ᠤᠨ ᠵᠣᠬᠢᠶᠠᠯ ᠢ ᠬᠠᠮᠲᠤ ᠳ᠋ᠤᠨᠢ ᠨᠡᠢᠯᠡᠭᠦᠯᠵᠦ᠂ ᠨᠢᠭᠡ ᠪᠢᠴᠢᠭ ᠪᠣᠯᠭᠠᠵᠤ《 ᠳᠠᠩᠽᠠᠨᠸᠠᠩᠵᠢᠯ ᠲᠣᠪᠳᠠᠨᠨᠢᠮ᠎ᠠ ᠶᠢᠨ ᠵᠣᠷ ᠵᠠᠰᠠᠯ》 ᠭᠡᠬᠦ ᠪᠢᠴᠢᠭ ᠦᠨ ᠨᠡᠷ᠎ᠡ ᠪᠡᠷ ᠬᠡᠪᠯᠡᠭᠦᠯᠵᠦ᠂ ᠥᠷᠭᠡᠨ ᠣᠯᠠᠨ ᠡᠮ ᠡᠮᠨᠡᠯᠭᠡ ᠶᠢᠨ ᠠᠵᠢᠯᠲᠠᠨ ᠳᠤ ᠵᠣᠯᠭᠠᠭᠤᠯᠤᠬᠰᠠᠨ ᠢᠶᠠᠨ ᠡᠨᠳᠡ ᠮᠡᠳᠡᠭᠳᠡᠶ᠎ᠡ᠃
         ᠪᠢᠳᠠ ᠣᠷᠴᠢᠭᠤᠯᠬᠤ ᠶᠠᠪᠤᠴᠠ ᠳᠠᠭᠠᠨ ᠤᠤᠯ ᠵᠣᠬᠢᠶᠠᠯ ᠤᠨ ᠨᠤᠲᠤᠭ ᠣᠷᠣᠨ ᠤ ᠬᠡᠯᠡᠯᠭᠡ ᠪᠡᠷ ᠪᠢᠴᠢᠭᠳᠡᠭᠰᠡᠨ ᠵᠦᠢᠯᠡᠰ ᠢ ᠨᠢ ᠪᠦᠷ ᠲᠡᠷᠡ ᠶᠠᠩᠵᠤ ᠪᠠᠷ ᠨᠢ ᠣᠷᠴᠢᠭᠤᠯᠤᠬᠰᠠᠨ ᠶᠤᠮ᠂ ᠵᠢᠱᠢᠶᠡᠯᠡᠪᠡᠯ᠂ ᠴᠠᠮᠪᠤᠨᠢᠶᠠᠬᠵᠠᠬ ᠢ《 ᠮᠣᠬᠣᠷ ᠮᠣᠬᠳᠣᠬ》 ᠭᠡᠵᠦ᠂ ᠪᠡᠷᠪᠤᠢ᠍ᠷ ᠢ《ᠬᠠᠲᠠᠬᠢ》 ᠭᠡᠬᠦ ᠮᠡᠲᠦ᠃ ᠵᠣᠬᠢᠶᠠᠯ ᠤᠨ ᠲᠤᠮᠳᠠ ᠬᠠᠶᠠ ᠲᠣᠬᠢᠶᠠᠯᠳᠤᠬᠤ ᠬᠢᠲᠠᠳ ᠡᠮ ᠦᠨ ᠨᠡᠷ᠎ᠡ ᠶᠢ ᠲᠥᠪᠡᠳ ᠢᠶᠡᠷ ᠠᠪᠢᠶᠠᠴᠢᠯᠠᠨ ᠲᠡᠮᠲᠡᠭᠯᠡᠭᠰᠡᠨ ᠢ ᠳᠠᠬᠢᠨ ᠮᠣᠩᠭᠣᠯ ᠪᠢᠴᠢᠯᠭᠡ ᠪᠡᠷ ᠠᠪᠢᠶᠠᠴᠢᠯᠠᠨ ᠪᠠᠭᠤᠯᠭᠠᠬᠰᠠᠨ ᠶᠤᠮ᠃ ᠵᠣᠬᠢᠶᠠᠯ ᠤᠨ ᠤᠤᠯ ᠤᠳᠬ᠎ᠠ ᠰᠠᠨᠠᠭ᠎ᠠ ᠶᠢ ᠬᠣᠪᠢᠷᠠᠭᠤᠯᠬᠤ ᠦᠭᠡᠢ ᠪᠠᠢᠳᠠᠯ ᠳᠣᠣᠷ᠎ᠠ ᠵᠣᠬᠢᠶᠠᠯ ᠳ᠋ᠡᠬᠢ ᠨᠣᠮ ᠭᠦᠷᠢᠮ᠂ ᠲᠠᠷᠨᠢ᠂ ᠪᠢᠰᠢᠯᠭᠠᠯ ᠤᠨ ᠵᠦᠢᠯ ᠢ ᠨᠢ ᠬᠠᠰᠤᠵᠤ ᠣᠷᠬᠢᠬᠰᠠᠨ ᠪᠠᠢᠨ᠎ᠠ᠃ ᠡᠮ ᠨᠠᠢᠷᠠᠯᠲᠠ ᠶᠢᠨ ᠳᠣᠲᠣᠷ᠎ᠠ ᠬᠠᠶᠠ ᠨᠢᠭᠡ ᠨᠠᠢᠷᠠᠯᠲᠠ ᠶᠢᠨ ᠬᠥᠯ ᠡᠮ ᠦᠨ ᠲᠣᠭ᠎ᠠ ᠨᠢ ᠨᠢᠭᠡ ᠢᠯᠡᠭᠦᠦ ᠪᠤᠶᠤ ᠡᠮ ᠦᠨ ᠬᠡᠮᠵᠢᠶ᠎ᠡ ᠨᠢ ᠲᠣᠳᠣᠷᠬᠠᠢ ᠦᠭᠡᠢ ᠭᠠᠵᠠᠷ ᠢ ᠮᠦᠨ ᠬᠡᠪ ᠢᠶᠡᠷ ᠨᠢ ᠣᠷᠴᠢᠭᠤᠯᠤᠬᠰᠠᠨ ᠲᠤᠯᠠ ᠤᠩᠰᠢᠬᠴᠢᠳ ᠲᠠ ᠨᠠᠷ ᠰᠢᠨᠵᠢᠯᠡᠯ ᠰᠤᠳᠤᠯᠤᠯ ᠲᠠᠢ ᠪᠠᠷ ᠬᠦᠯᠢᠶᠡᠨ ᠠᠪᠴᠤ ᠤᠩᠰᠢᠬᠤ ᠪᠣᠯᠪᠠ ᠤᠤ!
         ᠪᠢᠳᠡᠨ ᠦ ᠮᠡᠳᠡᠯᠭᠡ ᠳᠣᠷᠣᠢ ᠴᠢᠳᠠᠪᠤᠷᠢ ᠮᠡᠬᠦᠰ ᠦᠨ ᠤᠴᠢᠷ ᠢᠶᠠᠷ ᠡᠨᠳᠡᠭᠦᠦ ᠪᠤᠷᠤᠭᠤ ᠲᠠᠢ ᠭᠠᠵᠠᠷ ᠪᠠᠰᠠ ᠪᠠᠢᠵᠤ ᠮᠡᠳᠡᠬᠦ ᠲᠤᠯᠠ᠂ ᠤᠩᠰᠢᠬᠴᠢᠳ ᠮᠠᠨᠢ ᠨᠠᠨᠳᠢᠨ ᠰᠠᠨᠠᠯ ᠢᠶᠠᠨ ᠳᠡᠪᠰᠢᠭᠦᠯᠬᠦ ᠶᠢ ᠭᠦᠰᠡᠮᠦ᠃
ᠣᠷᠴᠢᠭᠤᠯᠤᠬᠴᠢ ᠠᠴᠠ1994᠂11᠂ ᠳ᠋ᠦ᠋‍ᠩᠱᠧᠩ ᠳᠦ

ᠡᠮᠬᠢᠳᠬᠡᠭᠴᠢ᠄ ᠴᠢ‍᠂ ᠨᠠᠷᠠᠨᠳᠠᠯᠠᠢ     ᠴ᠂ ᠠᠯᠲᠠᠨᠰᠤᠢ᠍ᠮᠪᠦᠷ

ᠦᠨᠳᠦᠰᠦᠲᠡᠨ ᠦ ᠬᠡᠪᠯᠡᠯ ᠦᠨ ᠬᠣᠷᠢᠶ᠎ᠠ 2004 ᠣᠨ
ᠥᠪᠥᠷ ᠮᠣᠩᠭᠣᠯ ᠤᠨ ᠲᠠᠷᠢᠶᠠᠯᠠᠩ ᠤᠨ ᠶᠡᠬᠡ ᠰᠤᠷᠭᠠᠭᠤᠯᠢ ᠶᠢᠨ ᠬᠡᠪᠯᠡᠬᠦ ᠦᠢᠯᠡᠳᠪᠦᠷᠢ ᠬᠡᠪᠯᠡᠪᠡ

   ᠠᠮᠢᠯᠠᠭᠤᠯᠤᠬᠰᠠᠨ ᠨᠢ᠄ ᠦᠯᠵᠡᠢᠪᠠᠭᠠᠲᠤᠷ
   ᠬᠢᠨᠠᠬᠰᠠᠨ ᠨᠢ᠄ ᠣᠳᠬᠠᠨᠰᠣ᠎ᠠ