ᠡᠬᠡ ᠣᠷᠣᠨ ᠮᠣᠩᠭᠣᠯEh Oron - Mongol
ᠡᠬᠡ ᠣᠷᠣᠨ— ᠮᠣᠩᠭᠣᠯ
ᠰᠢᠯᠦᠭ᠄ ᠨ· ᠫᠦᠷᠪᠦ
ᠠᠶ᠎ᠠ᠄ ᠰ· ᠪᠠᠲᠤᠪᠤᠯᠤᠳ
ᠳᠠᠭᠤᠴᠢᠨ᠄ ᠭ· ᠡᠩᠬᠡᠠᠮᠤᠷ ᠥ·ᠴᠡᠯᠮᠡᠭᠦᠨ ᠦ᠌·ᠮᠥᠩᠬᠡᠵᠠᠶᠠᠭ᠎ᠠ ᠴ·ᠮᠠᠨᠳᠤᠬᠤ
ᠡᠬᠡ ᠡᠴᠡ ᠤᠨᠠᠭᠰᠠᠨ ᠭᠠᠵᠠᠷ ᠰᠢᠷᠣᠢ ᠮᠢᠨᠢ ᠡᠬᠡ ᠣᠷᠣᠨ
ᠡᠬᠡ ᠡᠴᠡ ᠵᠠᠶᠠᠭᠠᠭᠰᠠᠨ ᠬᠤᠪᠢ ᠲᠠᠪᠢᠯᠠᠩ ᠮᠢᠨᠢ ᠮᠣᠩᠭᠣᠯ
ᠡᠬᠡ ᠡᠴᠡ ᠰᠤᠷᠤᠭᠰᠠᠨ ᠨᠠᠨᠳᠢᠨ ᠦᠭᠡ ᠮᠢᠨᠢ ᠡᠬᠡ ᠣᠷᠣᠨ
ᠡᠪᠯᠡᠭᠦᠯᠵᠦ ᠵᠢᠷᠤᠭᠰᠠᠨ ᠠᠩᠬᠠᠨ ᠤ᠋ ᠵᠢᠷᠤᠭ ᠮᠢᠨᠢ ᠮᠣᠩᠭᠣᠯ
ᠡᠬᠡ ᠣᠷᠣᠨ ᠢ᠋ᠶ᠋ᠠᠨ ᠲᠠᠨᠢᠬᠤ ᠲᠣᠰᠤᠮ ᠢ᠋ᠶ᠋ᠠᠨ
ᠡᠷᠳᠡᠮ ᠨᠣᠮ ᠳ᠋ᠤ᠌ ᠪᠠᠨ ᠤᠯᠠᠮ ᠰᠢᠮᠳᠠᠬᠤ ᠶᠤᠮ᠃
ᠡᠬᠡ ᠣᠷᠣᠨ ᠢ᠋ᠶ᠋ᠠᠨ ᠬᠠᠢᠷᠠᠯᠠᠬᠤ ᠲᠣᠰᠤᠮ ᠢ᠋ᠶ᠋ᠠᠨ
ᠡᠷᠡᠯᠬᠡᠭ ᠳᠡᠭᠡᠳᠦᠰ ᠢ᠋ᠶ᠋ᠡᠷ ᠢ᠋ᠶ᠋ᠠᠨ ᠪᠠᠬᠠᠷᠬᠠᠨ ᠣᠮᠣᠭᠰᠢᠳᠠᠭ
ᠤᠬᠠᠭᠠᠨ ᠳᠡᠯᠦᠭᠰᠡᠨ ᠠᠭᠤᠳᠠᠮ ᠪᠠᠢᠭᠠᠯᠢ ᠮᠢᠨᠢ ᠡᠬᠡ ᠣᠷᠣᠨ
ᠤᠯᠠᠷᠢᠯ ᠤ᠋ᠨ ᠰᠠᠢᠬᠠᠨ ᠳᠥᠷᠪᠡᠨ ᠴᠠᠭ ᠮᠢᠨᠢ ᠮᠣᠩᠭᠣᠯ
ᠠᠩᠬᠠᠯᠠᠵᠤ ᠴᠡᠭᠡᠵᠢᠯᠡᠭᠰᠡ ᠪᠠᠳᠠᠭ ᠰᠢᠯᠦᠭ ᠮᠢᠨᠢ ᠡᠬᠡ ᠣᠷᠣᠨ
ᠪᠠᠬᠠᠷᠬᠠᠵᠤ ᠳᠠᠭᠤᠯᠠᠭᠰᠠᠨ ᠠᠶᠠᠯᠭᠤᠲᠤ ᠳᠠᠭᠤᠤ ᠮᠢᠨᠢ ᠮᠣᠩᠭᠣᠯ
ᠡᠬᠡ ᠣᠷᠣᠨ ᠢ᠋ᠶ᠋ᠠᠨ ᠲᠠᠨᠢᠬᠤ ᠲᠣᠰᠤᠮ ᠢ᠋ᠶ᠋ᠠᠨ
ᠡᠷᠳᠡᠮ ᠨᠣᠮ ᠳ᠋ᠤ᠌ ᠪᠠᠨ ᠤᠯᠠᠮ ᠰᠢᠮᠳᠠᠬᠤ ᠶᠤᠮ᠃
ᠡᠬᠡ ᠣᠷᠣᠨ ᠢ᠋ᠶ᠋ᠠᠨ ᠬᠠᠢᠷᠠᠯᠠᠬᠤ ᠲᠣᠰᠤᠮ ᠢ᠋ᠶ᠋ᠠᠨ
ᠡᠷᠡᠯᠬᠡᠭ ᠳᠡᠭᠡᠳᠦᠰ ᠢ᠋ᠶ᠋ᠡᠷ ᠢ᠋ᠶ᠋ᠠᠨ ᠪᠠᠬᠠᠷᠬᠠᠨ ᠣᠮᠣᠭᠰᠢᠳᠠᠭ
ᠠᠭᠤᠤ ᠳᠡᠭᠡᠳᠦᠰ ᠦ᠋ᠨ ᠦᠯᠡᠳᠡᠭᠡᠭᠰᠡᠨ ᠥᠪ ᠮᠢᠨᠢ ᠡᠬᠡ ᠣᠷᠣᠨ
ᠢᠷᠠᠭᠤ ᠲᠡᠦᠬᠡ ᠲᠡᠢ ᠲᠤᠰᠠᠭᠠᠷ ᠲᠣᠭᠲᠠᠨᠢᠯ ᠮᠢᠨᠢ ᠮᠣᠩᠭᠣᠯ
ᠲᠣᠭᠯᠠᠵᠤ ᠥᠰᠦᠭᠰᠡᠨ ᠴᠢᠯᠠᠭᠤᠨ ᠲᠣᠭᠯᠠᠭᠠᠮ ᠮᠢᠨᠢ ᠡᠬᠡ ᠣᠷᠣᠨ
ᠪᠣᠰᠤᠭ᠎ᠠ ᠪᠢᠴᠢᠭ ᠤᠶᠠᠩᠭᠠᠲᠤ ᠬᠡᠯᠡ ᠮᠢᠨᠢ ᠮᠣᠩᠭᠣᠯ
ᠡᠬᠡ ᠣᠷᠣᠨ ᠢ᠋ᠶ᠋ᠠᠨ ᠲᠠᠨᠢᠬᠤ ᠲᠣᠰᠤᠮ ᠢ᠋ᠶ᠋ᠠᠨ
ᠡᠷᠳᠡᠮ ᠨᠣᠮ ᠳ᠋ᠤ᠌ ᠪᠠᠨ ᠤᠯᠠᠮ ᠰᠢᠮᠳᠠᠬᠤ ᠶᠤᠮ᠃
ᠡᠬᠡ ᠣᠷᠣᠨ ᠢ᠋ᠶ᠋ᠠᠨ ᠬᠠᠢᠷᠠᠯᠠᠬᠤ ᠲᠣᠰᠤᠮ ᠢ᠋ᠶ᠋ᠠᠨ
ᠡᠷᠡᠯᠬᠡᠭ ᠳᠡᠭᠡᠳᠦᠰ ᠢ᠋ᠶ᠋ᠡᠷ ᠢ᠋ᠶ᠋ᠠᠨ ᠪᠠᠬᠠᠷᠬᠠᠨ ᠣᠮᠣᠭᠰᠢᠳᠠᠭ
ᠦᠰᠦᠭ ᠠᠮᠢᠯᠠᠭᠤᠯᠤᠭᠰᠠᠨ ᠨᠢ᠄ ᠪᠠᠳᠠᠷᠠᠯᠲᠤ
ᠦᠰᠦᠭ ᠬᠠᠲᠠᠭᠰᠠᠨ ᠨᠢ᠄ ᠪᠠᠳᠠᠷᠠᠯᠳᠤ
ᠦᠰᠦᠭ ᠬᠢᠨᠠᠭᠰᠠᠨ ᠨᠢ᠄ ᠾᠦᠩ ᠸᠧᠢ᠂ ᠪᠢᠮᠪᠠ
