ᠪᠢᠳᠡ ᠠᠪᠢᠶᠠᠰᠲᠠᠨBid Aviyastan ᠬᠡᠦᠬᠡᠳ ᠦ᠋ᠨ ᠳᠠᠭᠤᠤ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠢᠳᠡ ᠠᠪᠢᠶᠠᠰᠲᠠᠨBid Aviyastan

ᠪᠢᠳᠡ ᠠᠪᠢᠶᠠᠰᠲᠠᠨBid Aviyastan

2023-07-19

297

ᠪᠢᠳᠡ ᠠᠪᠢᠶᠠᠰᠲᠠᠨ

ᠬᠡᠦᠬᠡᠳ ᠤᠳ ᠠ᠋᠂ ᠨᠠᠢᠵᠠ ᠨᠤᠭᠤᠳ ᠠ
ᠬᠦᠰᠡᠯ ᠪᠣᠳᠣᠯ ᠢ᠋ᠶ᠋ᠠᠨ ᠪᠢ ᠵᠢᠷᠤᠵᠤ ᠪᠠᠢᠨ᠎ᠠ
ᠵᠢᠷᠤᠭᠠᠰᠤ ᠪᠦᠬᠦᠨ ᠳ᠋ᠦ᠍ ᠮᠢᠨᠢ ᠠᠮᠢᠲᠠᠨ ᠪᠠᠶᠠᠰᠤᠭᠠᠳ
ᠵᠢᠷᠤᠭ ᠵᠢᠷᠤᠬᠤ ᠰᠠᠢᠬᠠᠨ ᠳᠠ
ᠬᠡᠦᠬᠡᠳ ᠪᠦᠭᠦᠳᠡ ᠶ᠋ᠢᠨ ᠠᠪᠢᠶᠠᠰ ᠲᠠᠢ
ᠬᠦᠰᠡᠯ ᠢ᠋ᠶ᠋ᠠᠨ ᠪᠢᠳᠠ ᠵᠢᠷᠤᠵᠤ ᠴᠢᠳᠠᠨ᠎ᠠ
ᠪᠢ ᠴᠢᠳᠠᠨ᠎ᠠ᠂ ᠴᠢ ᠴᠢᠳᠠᠨ᠎ᠠ
ᠪᠢᠳᠡ ᠪᠦᠭᠦᠳᠡᠭᠡᠷ ᠢ᠋ᠶ᠋ᠠᠨ ᠴᠢᠳᠠᠨ᠎ᠠ

ᠨᠠᠢᠵᠠ ᠨᠤᠭᠤᠳ ᠠ᠂ ᠬᠡᠦᠬᠡᠳ ᠤᠳ ᠠ᠋
ᠨᠠᠨᠳᠢᠨ ᠪᠦᠬᠦᠨ ᠢ᠋ ᠪᠡᠨ ᠪᠢ ᠳᠠᠭᠤᠯᠠᠵᠤ ᠪᠠᠢᠨ᠎ᠠ
ᠳᠠᠭᠤᠯᠠᠭᠰᠠᠨ ᠳᠠᠭᠤᠨ ᠳ᠋ᠠᠭᠠᠨ ᠪᠠᠶᠠᠰᠤᠨ ᠪᠥᠵᠢᠭᠡᠳ
ᠳᠡᠷᠪᠡᠭᠦᠨ ᠨᠠᠰᠤ ᠮᠢᠨᠢ ᠭᠣᠶᠣᠬᠠᠨ ᠳᠠ
ᠪᠠᠭᠠᠴᠤᠳ ᠪᠦᠭᠦᠳᠡ ᠶ᠋ᠢᠨ ᠤᠶᠠᠷᠠᠭᠤᠨ ᠲᠠᠢ 
ᠪᠠᠶᠠᠷ ᠬᠥᠷ ᠢ᠋ᠶ᠋ᠡᠷ ᠳᠠᠭᠤᠯᠠᠵᠤ ᠴᠢᠳᠠᠨ᠎ᠠ
ᠪᠢ ᠴᠢᠳᠠᠨ᠎ᠠ᠂ ᠴᠢ ᠴᠢᠳᠠᠨ᠎ᠠ
ᠪᠢᠳᠡ ᠪᠦᠭᠦᠳᠡᠭᠡᠷ ᠢ᠋ᠶ᠋ᠠᠨ ᠴᠢᠳᠠᠨ᠎ᠠ

ᠠᠨᠳᠠ ᠨᠤᠭᠤᠳ ᠠ᠂ ᠨᠠᠢᠵᠠ ᠨᠤᠭᠤᠳ ᠠ
ᠠᠶᠠᠯᠭᠤᠲᠤ ᠰᠢᠯᠦᠭ ᠢ᠋ᠶ᠋ᠠᠨ ᠪᠢ ᠤᠩᠰᠢᠵᠤ ᠪᠠᠢᠨ᠎ᠠ
ᠨᠠᠢᠷᠰᠠᠭ ᠰᠡᠳᠬᠢᠯ ᠢ᠋ ᠬᠥᠭᠵᠢᠮ ᠴᠢᠩᠭᠢᠨᠡᠵᠦ
ᠨᠠᠢᠷᠠᠭ ᠤ᠋ᠨ ᠮᠥᠷ ᠦ᠋ᠳ ᠠᠮᠲᠠᠲᠠᠢᠬᠠᠨ ᠳᠠ
ᠡᠬᠡ ᠬᠡᠯᠡ ᠮᠢᠨᠢ ᠢᠷᠠᠭᠤᠬᠠᠨ
ᠡᠬᠡᠰᠢᠭ ᠨᠠᠢᠷᠠᠭ ᠪᠠᠨ ᠪᠢᠳᠡ ᠡᠷᠭᠦᠵᠦ ᠴᠢᠳᠠᠨ᠎ᠠ
ᠪᠢ ᠴᠤ᠌ ᠴᠢᠳᠠᠨ᠎ᠠ᠂ ᠴᠢ ᠴᠤ᠌ ᠴᠢᠳᠠᠨ᠎ᠠ
ᠪᠢᠳᠡ ᠪᠦᠭᠦᠳᠡᠭᠡᠷ ᠢ᠋ᠶ᠋ᠠᠨ ᠴᠢᠳᠠᠨ᠎ᠠ
ᠡᠬᠡ ᠬᠡᠯᠡ ᠮᠢᠨᠢ ᠢᠷᠠᠭᠤᠬᠠᠨ
ᠡᠬᠡᠰᠢᠭ ᠨᠠᠢᠷᠠᠭ ᠪᠠᠨ ᠪᠢᠳᠡ ᠡᠷᠭᠦᠵᠦ ᠴᠢᠳᠠᠨ᠎ᠠ
ᠪᠢ ᠴᠤ᠌ ᠴᠢᠳᠠᠨ᠎ᠠ᠂ ᠴᠢ ᠴᠤ᠌ ᠴᠢᠳᠠᠨ᠎ᠠ
ᠪᠢᠳᠡ ᠪᠦᠭᠦᠳᠡᠭᠡᠷ ᠢ᠋ᠶ᠋ᠠᠨ ᠴᠢᠳᠠᠨ᠎ᠠ
ᠴᠢᠳᠠᠨ᠎ᠠ᠁
   ᠦᠰᠦᠭ ᠠᠮᠢᠯᠠᠭᠤᠯᠤᠭᠴᠢ᠄ ᠬᠣᠨᠢᠴᠢᠨ ᠪᠦᠰᠡᠭᠦᠢ
   ᠦᠰᠦᠭ ᠬᠠᠲᠠᠭᠰᠠᠨ᠄ ᠰᠣᠷᠣᠭ᠍ᠴᠢ ᠠᠷᠤᠤᠬᠠᠨ
   ᠬᠢᠨᠠᠡᠴᠢ᠄ ᠲᠣᠳᠣᠭᠡᠷᠡᠯ᠂ ᠪᠣᠣ ᠠᠵᠠᠵᠠᠶᠠᠭ᠎ᠠ᠂ ᠨᠤᠮᠤᠴᠢᠨ ᠪᠢᠯᠢᠭ