ᠲᠥᠷᠥᠭᠰᠡᠨ ᠨᠤᠲᠤᠭ - ᠷ ᠂ ᠴᠣᠢᠨᠣᠮ Төрсөн нутаг – Р ᠂ Чойном ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠲᠥᠷᠥᠭᠰᠡᠨ ᠨᠤᠲᠤᠭ - ᠷ ᠂ ᠴᠣᠢᠨᠣᠮ Төрсөн нутаг – Р ᠂ Чойном

ᠲᠥᠷᠥᠭᠰᠡᠨ ᠨᠤᠲᠤᠭ - ᠷ ᠂ ᠴᠣᠢᠨᠣᠮ Төрсөн нутаг – Р ᠂ Чойном

2023-07-19

306

ᠲᠥᠷᠥᠭᠰᠡᠨ ᠨᠤᠲᠤᠭ


 ᠠᠯᠲᠠᠨ ᠨᠤᠲᠤᠭ ᠤᠨ ᠲᠡᠷᠡᠬᠡᠨ ᠵᠦᠭ 
 ᠬᠠᠷᠠᠭ᠎ᠠ ᠲᠠᠯᠪᠢᠨ ᠰᠢᠷᠲᠡᠬᠦ ᠳᠤ
 ᠠᠴᠢᠲᠤ ᠡᠬᠡ ᠶᠢᠨ ᠮᠢᠨᠢ ᠰᠠᠢᠬᠠᠨ ᠳᠦᠷᠢ 
 ᠨᠢᠲ‍ᠦᠨ ᠪ ᠡᠮᠦᠨ᠎ᠡ ᠲᠣᠲ‍ᠣᠷᠠᠨ
 ᠠᠷᠢᠭᠤᠨ ᠬᠡᠪᠡᠯᠢ ᠠᠴᠠ ᠮᠢᠨᠢ ᠲᠥᠷᠥᠭᠰᠡᠨ   
 ᠦᠷ᠎ᠡ ᠮᠢᠨᠢ ᠴᠢ ᠰᠢᠦ! ᠭᠡᠬᠦ ᠰᠢᠭ᠌
 ᠠᠭᠠᠷ ᠤᠨ ᠴᠡᠩᠬᠡᠷ ᠪᠤᠳᠠᠩ  ᠶ᠋ᠢᠠᠷ
 ᠠᠯᠴᠢᠭᠤᠷ ᠠᠲ‍ᠠᠯᠢ ᠳᠠᠯᠠᠯᠤᠭᠠᠳ ᠪᠠᠶ᠋ᠢᠨ᠎ᠠ
 ᠥᠰᠦᠭᠰᠡᠨ ᠨᠤᠲᠤᠭ ᠦ᠋ᠨ ᠲᠡᠷᠡᠬᠡᠨ ᠵᠦᠭ
 ᠵᠢᠷᠦᠬᠡ ᠲᠡᠮᠡᠦᠯᠦᠨ ᠰᠠᠨᠠᠭᠠᠰᠢᠷᠠᠬᠤ  ᠳᠤ
 ᠥᠪᠡᠷ ᠦ᠋ᠨ ᠮᠢᠨᠢ ᠡᠵᠢ ᠶ᠋ᠢᠨ ᠭᠡᠭᠡᠨ ᠳᠦᠷᠢ
 ᠵᠡᠭᠦᠲ‍ᠦᠨ ᠳᠤᠮᠳᠠ ᠲᠣᠲ‍ᠣᠷᠠᠨ
 ᠥᠨᠲ‍ᠡᠶ᠋ᠢᠵᠦ ᠴᠦ᠍ ᠶᠠᠪᠤᠭᠰᠠᠨ᠂ ᠤᠨᠠᠵᠤ ᠴᠦ᠍ ᠶᠠᠪᠤᠭᠰᠠᠨ
 ᠨᠠᠳᠠ ᠳ᠋ᠠᠭᠠᠨ ᠢᠷ᠎ᠡ ᠳ᠋ᠡ ᠭᠡᠬᠦ ᠰᠢᠭ᠌
 ᠥᠷᠭᠡᠨ ᠲᠩᠷᠢ ᠶ᠋ᠢᠨ ᠬᠠᠶᠠᠬ᠋᠎ᠠ ᠰᠡᠬᠦᠵᠦ
 ᠨᠠᠷᠠᠲᠤ ᠳᠤ ᠭᠠᠭᠴᠠ ᠪᠠᠷ ᠶ᠋ᠢᠠᠨ ᠳᠠᠭᠤᠲ‍ᠠᠭᠠᠳ ᠪᠠᠶ᠋ᠢᠨ᠎ᠠ᠃

    ᠳᠡᠭᠦᠦ ᠴ· ᠮᠢᠰᠢᠭ ᠡᠴᠡ ᠨᠢ ᠬᠠᠭᠤᠯᠤᠨ ᠠᠪᠤᠪᠠ᠃

※ ᠢᠷᠡᠯᠲᠡ᠄
《 ᠷ · ᠴᠣᠶ᠋ᠢᠨᠣᠮ ᠦ᠋ᠨ ᠰᠢᠯᠦᠭ ᠵᠣᠬᠢᠶᠠᠯ ᠬᠤᠷᠢᠶᠠᠬᠤᠢ — 》
            — ᠤᠶᠠᠩᠬ᠋᠎ᠠ ᠶ᠋ᠢᠨ ᠰᠢᠯᠦᠭ ᠡᠴᠡ ᠬᠠᠭᠤᠯᠪᠠ ᠃
             ᠪᠢ‍  · ᠳᠠᠮᠳᠢᠨᠰᠦ᠋ᠷᠦᠩ ᠡᠮᠬᠢᠤᠠᠬᠡᠨ ᠨᠠᠶ᠋ᠢᠷᠠᠭᠤᠯᠪᠠ
             ᠬᠠᠷᠢᠭᠤᠴᠠᠭᠰᠠᠨ ᠨᠠᠶ᠋ᠢᠷᠠᠭᠤᠯᠤᠭᠴᠢ ᠄ ᠪᠣᠷᠤᠨᠤᠳ ᠳᠣᠷᠵᠢ

  ᠦᠰᠦᠭ ᠠᠮᠢᠯᠠᠭᠤᠯᠤᠭᠴᠢ᠄ ᠰᠡᠷᠭᠦᠯᠡᠩ
    ᠬᠢᠨᠠᠭᠴᠢ᠄ ᠰᠡᠬᠡᠭᠡᠷᠡᠯ