ᠱᠣᠷᠣᠩ ᠤᠨ ᠦᠨᠦᠷ - ᠷ ᠂ ᠴᠣᠢᠨᠣᠮ Шоронгийн үнэр – Р ᠂ Чойном ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠱᠣᠷᠣᠩ ᠤᠨ ᠦᠨᠦᠷ - ᠷ ᠂ ᠴᠣᠢᠨᠣᠮ Шоронгийн үнэр – Р ᠂ Чойном

ᠱᠣᠷᠣᠩ ᠤᠨ ᠦᠨᠦᠷ - ᠷ ᠂ ᠴᠣᠢᠨᠣᠮ Шоронгийн үнэр – Р ᠂ Чойном

2023-07-19

300

ᠱᠣᠷᠣᠩ ᠤᠨ ᠦᠨᠦᠷ


 ᠠᠮᠢᠲ‍ᠤᠷᠠᠯ ᠳᠤ ᠱᠣᠷᠣᠩ ᠦ᠋ᠨ ᠦᠨᠦᠷ ᠪᠠᠶ᠋ᠢᠲ‍ᠠᠭ ᠦᠭᠡᠢ
 ᠠᠮᠢᠲ‍ᠤᠷᠠᠯ ᠦ᠋ᠨ ᠦᠨᠦᠷ ᠱᠣᠷᠣᠩ  ᠳᠤ ᠪᠠᠶ᠋ᠢᠲ‍ᠠᠭ ᠦᠭᠡᠢ
 ᠰᠢᠷᠣᠢ  ᠳᠤ ᠬᠦᠷᠲᠡᠯ᠎ᠡ ᠠᠮᠢᠲ‍ᠤᠷᠠᠯ ᠦ᠋ᠨ ᠦᠨᠦᠷ ᠪᠠᠶ᠋ᠢᠲ‍ᠠᠭ ᠠᠲᠠᠯ᠎ᠠ
 ᠱᠣᠷᠣᠩ  ᠳᠤ ᠵᠥᠪᠬᠡᠨ ᠱᠣᠷᠣᠩ ᠦ᠋ᠨ ᠦᠨᠦᠷ ᠬᠠᠩᠬᠤᠯᠤᠨ᠎ᠠ᠃

 ᠲᠠᠯᠬ᠎ᠠ ᠡᠨᠳᠡ ᠬᠠᠷᠠᠭᠲ‍ᠠᠪᠠᠴᠤ ᠲᠠᠯᠬ᠎ᠠ ᠶ᠋ᠢᠨ ᠦᠨᠦᠷ ᠲᠡᠨᠳᠡ  ᠪᠠᠶ᠋ᠢᠬᠤ ᠦᠭᠡᠢ
 ᠦᠬᠦᠭᠰᠡᠨ ᠵᠠᠶᠠᠬ᠋᠎ᠠ ᠶ᠋ᠢ ᠨᠢ ᠭᠤᠯᠢᠷ ᠪᠣᠯᠲᠠᠯ᠎ᠠ ᠲᠡᠭᠡᠷᠮᠡᠲ‍ᠡᠵᠦ
 ᠦᠢᠯᠡ ᠯᠠᠢ ᠪᠠᠷ  ᠢᠰᠭᠡᠭᠰᠡᠨ ᠶᠠᠯ᠎ᠠ!
 ᠡᠲ‍ᠦᠷ ᠦ᠋ᠨ ᠨᠣᠷᠮ᠎ᠠ—200 ᠭ᠌ᠷᠠᠮ

 ᠥᠪᠡᠷ ᠲᠡᠭᠡᠨ ᠭᠣᠮᠣᠲ‍ᠠᠭᠰᠠᠨ ᠪᠣᠬᠢᠮᠲ‍ᠠᠯ ᠬᠠᠩᠬᠤᠯᠤᠨ᠎ᠠ
 ᠤᠰᠤᠨ ᠱᠥᠯᠦᠨ ᠡᠴᠡ ᠤᠬᠢᠯᠠᠭᠰᠠᠨ ᠨᠢᠯᠪᠤᠰᠤ ᠬᠥᠯᠥᠰᠥ ᠬᠤᠯᠮᠤᠰᠤ ᠬᠠᠩᠬᠤᠯᠤᠨ᠎ᠠ
 ᠤᠨᠲᠠᠬᠤ ᠣᠷᠣ ᠳᠡᠪᠢᠰᠭᠡᠷ ᠡᠴᠡ ᠤᠯᠠᠭᠠᠨ ᠲᠠᠮᠠᠬᠢ ᠠᠶᠤᠮᠰᠢᠬᠲᠤ ᠵᠡᠭᠦᠳᠦ  ᠦᠨᠦᠷᠲᠦᠨ᠎ᠡ᠃

 ᠥᠷᠥ ᠵᠢᠷᠦᠬᠡᠨ  ᠡᠴᠡ
 ᠥᠰ ᠬᠣᠨᠵᠢᠩ ᠦᠨᠦᠷᠲᠦᠨ᠎ᠡ
 ᠡᠪᠦᠷ ᠲᠦᠷᠡᠢ ᠡᠴᠡ
 ᠪᠢᠯᠡᠭᠦᠦ ᠨᠢᠭᠤᠭᠰᠠᠨ ᠬᠢᠲᠤᠬ᠋᠎ᠠ
 ᠦᠨᠦᠷᠲᠦᠨ᠎ᠡ᠃

 ᠬᠥᠮᠦᠨ ᠡᠨᠳᠡ ᠣᠯᠠᠨ ᠴᠦ᠍ 
 ᠬᠥᠮᠦᠨ ᠪ ᠦᠨᠦᠷ ᠡᠰᠡ ᠦᠨᠦᠷᠲᠦᠨ᠎ᠡ
 ᠬᠥᠮᠦᠨ ᠡᠴᠡ ᠴᠥᠬᠥᠷᠡᠯ ᠬᠠᠩᠬᠤᠯᠤᠨ᠎ᠠ
 ᠬᠥᠮᠦᠨ ᠪ ᠡᠰᠡᠷᠭᠦ ᠠᠲ‍ᠤᠭᠤᠰᠤᠨ ᠪ ᠲᠡᠩᠬᠡᠭᠡ ᠬᠠᠩᠬᠤᠯᠤᠨ᠎ᠠ
 ᠬᠥᠮᠦᠨ  ᠳᠤ ᠦᠯᠦ ᠢᠲᠡᠭᠡᠬᠦ ᠠᠶᠤᠮᠰᠢᠬᠲᠤ ᠬᠠᠷ᠎ᠠ ᠭ᠌ᠬᠢᠷ ᠦᠨᠦᠷᠲᠦᠨ᠎ᠡ
 ᠬᠥᠮᠦᠨ ᠡᠴᠡ ᠱᠣᠷᠣᠩ ᠬᠠᠩᠬᠤᠯᠤᠨ᠎ᠠ᠃

※ ᠢᠷᠡᠯᠲᠡ᠄
《 ᠷ · ᠴᠣᠶ᠋ᠢᠨᠣᠮ ᠦ᠋ᠨ ᠰᠢᠯᠦᠭ ᠵᠣᠬᠢᠶᠠᠯ ᠬᠤᠷᠢᠶᠠᠬᠤᠢ — 》
            — ᠤᠶᠠᠩᠬ᠋᠎ᠠ ᠶ᠋ᠢᠨ ᠰᠢᠯᠦᠭ ᠡᠴᠡ ᠬᠠᠭᠤᠯᠪᠠ ᠃
             ᠪᠢ‍  · ᠳᠠᠮᠳᠢᠨᠰᠦ᠋ᠷᠦᠩ ᠡᠮᠬᠢᠤᠠᠬᠡᠨ ᠨᠠᠶ᠋ᠢᠷᠠᠭᠤᠯᠪᠠ
             ᠬᠠᠷᠢᠭᠤᠴᠠᠭᠰᠠᠨ ᠨᠠᠶ᠋ᠢᠷᠠᠭᠤᠯᠤᠭᠴᠢ ᠄ ᠪᠣᠷᠤᠨᠤᠳ ᠳᠣᠷᠵᠢ

  ᠦᠰᠦᠭ ᠠᠮᠢᠯᠠᠭᠤᠯᠤᠭᠴᠢ᠄ ᠬᠣᠩ ᠮᠧᠢ
   ᠬᠢᠨᠠᠭᠴᠢ᠄ ᠰᠡᠬᠡᠭᠡᠷᠡᠯ