ᠡᠪᠦᠭᠡᠨ - ᠷ ᠂ ᠴᠣᠢᠨᠣᠮ Өвгөн – Р ᠂ Чойном
ᠡᠪᠦᠭᠡᠨ
ᠬᠥᠬᠡ ᠪᠤᠭᠤᠷᠤᠯ ᠰᠠᠬᠠᠯ ᠢᠶᠠᠨ ᠰᠡᠷᠪᠡᠢᠯᠭᠡᠵᠦ
ᠬᠥᠯᠥᠰᠥ ᠲᠠᠢ ᠮᠠᠩᠨᠠᠢ ᠪᠠᠨ ᠠᠷᠴᠢᠨ ᠪᠠᠢᠵᠤ
ᠬᠥᠯ ᠨᠢ ᠮᠠᠢᠬᠢ ᠂ ᠨᠢᠷᠤᠭᠤ ᠨᠢ ᠪᠥᠭᠲᠥᠷ
ᠬᠥᠭᠡᠷᠦᠬᠦᠢ ᠡᠪᠦᠭᠡᠨ ᠪᠠᠩᠵᠠ ᠴᠠᠪᠴᠢᠯᠠᠨᠠ ᠃
ᠡᠪᠦᠭᠡᠨ ᠢ ᠬᠠᠷᠠᠭᠠᠳ ᠪᠢ ᠪᠣᠳᠣᠨᠠᠮ
ᠥᠪᠡᠷ ᠤᠨ ᠢᠶᠠᠨ ᠦᠶ᠎ᠡ ᠶᠢ ᠬᠡᠳᠦᠢᠨ᠎ᠡ ᠡᠯᠡᠭᠡᠵᠦ
ᠤᠷᠢᠳ ᠠᠴᠠ ᠦᠬᠦᠯ ᠶᠦᠭᠡᠨ ᠭᠠᠳᠠᠷᠯᠠᠭᠠᠳ
ᠤᠭᠲᠤᠭᠠᠳ ᠪᠡᠯᠡᠳᠬᠡᠵᠦ ᠪᠠᠢᠭ᠎ᠠ ᠨᠢ ᠡᠨᠡ ᠳ᠋ᠠ᠃
ᠪᠠᠢᠭᠤᠯᠵᠤ ᠬᠢᠭᠰᠡᠨ ᠶᠠᠭᠤᠮ᠎ᠠ ᠴᠦ᠍ ᠦᠭᠡᠢ
ᠪᠠᠢᠳᠠᠭ ᠯᠠ ᠨᠢᠭᠡ ᠡᠪᠦᠭᠡᠨ ᠪᠠᠢᠨ᠎ᠠ
ᠪᠠᠢᠬᠤ ᠥᠬᠡᠢ ᠪᠣᠯᠬᠤ ᠪᠠᠨ ᠮᠡᠳᠡᠵᠦ ᠠᠪᠰᠠᠨ ᠳᠠᠭᠠᠨ
ᠪᠠᠩᠵᠠᠨ ᠲᠠᠭᠯᠠᠭ᠎ᠠ ᠴᠠᠪᠴᠢᠵᠤ ᠪᠠᠢᠨ᠎ᠠ᠃
ᠭᠡᠰᠡᠨ ᠴᠦ᠍ ᠬᠠᠷᠢᠨ ᠮᠠᠨ ᠤ ᠡᠪᠦᠭᠡᠨ
ᠬᠡᠮ ᠥᠬᠡᠢ ᠰᠢᠪᠠᠭᠤᠬᠠᠢ ᠳᠤ ᠡᠭᠦᠷ ᠲᠠᠷᠠᠭᠯᠠᠭᠰᠠᠨ ᠶᠤᠮᠰᠠᠨᠵᠠᠢ
ᠮᠠᠨ ᠤ ᠯᠠ ᠢᠵᠢᠯ ᠬᠠᠪᠰᠠᠷᠭᠠᠨ ᠳᠤ ᠤᠢᠲᠤᠨ
《 ᠮᠠᠢ 》 ᠰᠠᠷ᠎ᠠ ᠶᠢ ᠮᠥᠷᠥᠭᠡᠰᠴᠦ ᠪᠠᠢᠭᠰᠠᠨ ᠶᠤᠮᠰᠠᠨᠵᠠᠢ ᠃
※ ᠢᠷᠡᠯᠲᠡ᠄
《 ᠷ · ᠴᠣᠶ᠋ᠢᠨᠣᠮ ᠦ᠋ᠨ ᠰᠢᠯᠦᠭ ᠵᠣᠬᠢᠶᠠᠯ ᠬᠤᠷᠢᠶᠠᠬᠤᠢ — 》
— ᠤᠶᠠᠩᠬ᠋᠎ᠠ ᠶ᠋ᠢᠨ ᠰᠢᠯᠦᠭ ᠡᠴᠡ ᠬᠠᠭᠤᠯᠪᠠ ᠃
ᠪᠢ · ᠳᠠᠮᠳᠢᠨᠰᠦ᠋ᠷᠦᠩ ᠡᠮᠬᠢᠤᠠᠬᠡᠨ ᠨᠠᠶ᠋ᠢᠷᠠᠭᠤᠯᠪᠠ
ᠬᠠᠷᠢᠭᠤᠴᠠᠭᠰᠠᠨ ᠨᠠᠶ᠋ᠢᠷᠠᠭᠤᠯᠤᠭᠴᠢ ᠄ ᠪᠣᠷᠤᠨᠤᠳ ᠳᠣᠷᠵᠢ
ᠦᠰᠦᠭ ᠠᠮᠢᠯᠠᠭᠤᠯᠤᠭᠴᠢ᠄ ᠰᠡᠷᠭᠦᠯᠡᠩ
ᠬᠢᠨᠠᠭᠴᠢ᠄ ᠣᠤᠠᠬᠠᠨᠰᠤᠠ᠋
