ᠳᠡᠯᠭᠡᠷ ᠽᠠᠨᠲᠠᠨ ᠮᠣᠳᠣ- ᠯ· ᠣᠣᠽᠠᠷДэлгэр Зандан мод-Л Уузар
ᠵᠣᠬᠢᠶᠠᠭᠴᠢ᠄ ᠯ· ᠣᠣᠽᠠᠷ
ᠤᠩᠰᠢᠬᠰᠠᠨ ᠨᠢ᠄ ᠠᠮᠤᠷᠵᠢᠷᠭᠠᠯ
ᠶᠡᠬᠡ ᠴᠢᠩᠭᠢᠰ ᠦ᠋ᠨ ᠰᠠᠯᠬᠢᠨ ᠳᠤ ᠣᠳᠣ ᠵᠡᠶ᠋ᠢᠮᠤᠭᠤᠯᠤᠭᠰᠠᠨ
ᠶᠢᠷᠲᠢᠨᠴᠦ ᠶ᠋ᠢᠨ ᠲᠡᠮᠦᠷ ᠨᠢᠷᠤᠭᠤ ᠶ᠋ᠢ ᠬᠣᠲᠣᠶ᠋ᠢᠲᠠᠯᠠ ᠳᠠᠷᠤᠭᠰᠠᠨ
ᠳᠡᠭᠡᠳᠦ ᠶ᠋ᠢᠨ ᠮᠢᠨᠢ ᠬᠤᠷᠢᠶᠠᠭᠰᠠᠨ ᠶᠡᠬᠡ ᠪᠤᠶᠠᠨ ᠪ ᠣᠷᠣᠢ
ᠳᠡᠯᠡᠬᠡᠢ ᠶ᠋ᠢ ᠬᠤᠮᠢᠬᠰᠠᠨ ᠨᠣᠶᠠᠨ ᠲᠠᠰᠢᠭᠤᠷ ᠦ᠋ᠨ ᠵᠠᠯᠠᠭ᠎ᠠ
ᠮᠣᠷᠢᠨ ᠨᠢᠷᠤᠭᠤᠨ ᠳᠤ ᠬᠠᠩᠭᠢᠨᠠᠭᠰᠠᠨ ᠪᠣᠰᠤᠭ᠎ᠠ ᠬᠢᠲᠤᠭ᠎ᠠ
ᠮᠣᠩᠭᠣᠯ ᠭᠡᠷ ᠲᠦ ᠳᠦᠩᠭᠢᠨᠡᠭᠰᠡᠨ ᠪᠣᠰᠤᠭ᠎ᠠ ᠶᠠᠲᠤᠭ᠎ᠠ
ᠭᠠᠯ ᠬᠠᠲᠠᠭᠤ ᠭᠣᠯᠣᠮᠲᠠ ᠶ᠋ᠢᠨ ᠮᠢᠨᠢ ᠤᠨᠲᠠᠷᠠᠵᠤ ᠪᠣᠯᠬᠤ ᠦᠭᠡᠢ ᠴᠣᠭ
ᠭᠠᠷ ᠬᠠᠲᠠᠭᠤ ᠲᠡᠦᠬᠡ ᠶᠢᠨ ᠮᠢᠨᠢ ᠤᠷᠠᠭᠳᠠᠵᠤ ᠪᠣᠯᠬᠤ ᠦᠭᠡᠢ ᠲᠤᠭ
ᠮᠣᠩᠭᠣᠯ ᠦᠰᠦᠭ ᠮᠢᠨᠢ
ᠮᠣᠩᠭᠣᠯ ᠪᠢᠴᠢᠭ ᠮᠢᠨᠢ
ᠳᠡᠭᠡᠳᠦᠰ ᠦᠨ ᠮᠢᠨᠢ ᠲᠠᠷᠢᠭᠰᠠᠨ ᠳᠡᠯᠭᠡᠷ ᠽᠠᠨᠳᠠᠨ ᠮᠣᠳᠣ!
ᠵᠠᠭᠤᠨ ᠵᠠᠭᠤᠨ ᠪ ᠤᠯᠠ ᠳᠤ ᠭᠠᠩᠳᠠᠭ᠎ᠠ ᠦᠭᠡᠢ ᠮᠣᠳᠣ!
ᠵᠤᠳ ᠵᠤᠳ ᠤᠨ ᠬᠥᠯ ᠳᠦ ᠭᠠᠩᠬᠤᠭ᠎ᠠ ᠦᠭᠡᠢ ᠮᠣᠳᠣ!
ᠶᠡᠬᠡ ᠤᠬᠠᠭᠠᠨ ᠲᠠᠢ ᠳᠡᠭᠡᠳᠦᠰ ᠦᠨ ᠮᠢᠨᠢ ᠶᠢᠷᠲᠢᠨᠴᠦ ᠳᠦ ᠲᠠᠷᠢᠭᠰᠠᠨ ᠮᠣᠳᠣ!
ᠡᠨᠡ ᠮᠣᠳᠣᠨ ᠤ ᠵᠢᠮᠢᠰ ᠢ ᠦᠶ᠎ᠡ ᠦᠶ᠎ᠡ ᠪᠡᠷ ᠶ᠋ᠢᠡᠨ ᠲᠡᠪᠡᠷᠢᠵᠦ
ᠡᠨᠡ ᠣᠳᠣᠨ ᠤ ᠳᠡᠭᠡᠷ᠎ᠡ ᠮᠣᠩᠭᠣᠯ ᠭᠡᠵᠦ ᠵᠣᠭᠰᠣᠨ᠎ᠠ!
ᠲᠥᠷᠥ ᠳᠦ ᠴᠠᠢ ᠲᠠᠢ ᠵᠣᠭᠰᠣᠨ᠎ᠠ
ᠲᠡᠦᠬᠡᠨ ᠳᠦ ᠵᠠᠢ ᠲᠠᠢ ᠵᠣᠭᠰᠣᠨ᠎ᠠ!
ᠮᠢᠩᠭᠠᠨ ᠣᠨ ᠤ ᠨᠡᠭᠦᠳᠡᠯ ᠦᠨ ᠨᠣᠭᠣᠭᠠᠨ ᠲᠣᠭᠣᠰᠣᠨ ᠳᠤ
ᠮᠢᠨᠢ ᠳᠡᠭᠡᠳᠦᠰ ᠮᠢᠯᠠᠭ᠎ᠠ ᠪᠠᠨ ᠭᠡᠭᠡᠭᠰᠡᠨ
ᠮᠢᠨᠵᠢ ᠶᠢᠨ ᠮᠠᠯᠠᠭᠠᠢ ᠪᠠᠨ ᠵᠠᠯᠠᠭ᠎ᠠ ᠲᠠᠢ ᠨᠢ ᠭᠡᠭᠡᠭᠰᠡᠨ᠁
ᠭᠡᠪᠡᠴᠦ᠂ ᠬᠠᠰᠠᠭ ᠲᠡᠷᠭᠡᠨ ᠦ ᠪᠡᠨ ᠬᠠᠮ ᠳᠤ
ᠬᠡᠷ᠎ᠡ ᠬᠠᠴᠠᠷ ᠶ᠋ᠢᠠᠨ ᠤᠯᠠᠶ᠋ᠢᠯᠭᠠᠵᠤ ᠰᠠᠭᠤᠭᠰᠠᠨ ᠦᠷ᠎ᠡ ᠳᠦ ᠪᠡᠨ
ᠭᠡᠭᠡᠵᠦ ᠪᠣᠯᠬᠤ ᠦᠭᠡᠢ ᠠᠯᠲᠠᠢ ᠶᠢᠨ ᠴᠢᠯᠠᠭᠤ ᠶᠢᠨ ᠬᠡᠰᠢᠭ ᠭᠡᠵᠦ ᠭᠡᠷᠢᠶᠡᠰᠦ ᠲᠡᠢ ᠪᠡᠨ ᠴᠣᠭ
《 ᠴᠠᠭᠠᠨ ᠲᠣᠯᠣᠭᠠᠢ》 ᠪᠠᠨ ᠲᠡᠪᠡᠷᠢᠭᠦᠯᠦᠭᠰᠡᠨ!
ᠲᠥᠷᠥ ᠶᠢᠨ ᠵᠢᠯᠣᠭᠣ ᠶᠢ ᠠᠯᠳᠠᠵᠤ ᠪᠣᠯᠤᠨ᠎ᠠ
ᠲᠡᠦᠬᠡ ᠶᠢᠨ ᠵᠠᠯᠠᠭ᠎ᠠ ᠶᠢ ᠠᠪᠲᠠᠵᠤ ᠪᠣᠯᠤᠨ᠎ᠠ!
ᠲᠥᠷᠥᠯᠬᠢ ᠬᠡᠯᠡᠨ ᠦ ᠲᠦᠯᠬᠢᠭᠦᠷ ᠶ᠋ᠢᠡᠨ ᠪᠢᠳᠡ ᠬᠤᠭᠤᠯᠪᠠᠯ
ᠲᠦᠮᠡᠨ ᠲᠦᠮᠡᠨ ᠮᠣᠩᠭᠣᠯ ᠤᠨ ᠦᠷᠡᠰ ᠲᠦ
ᠲᠥᠯᠥᠵᠦ ᠳᠡᠶ᠋ᠢᠯᠬᠦ ᠦᠭᠡᠢ ᠶᠡᠬᠡ ᠥᠷᠢ ᠶᠢ ᠲᠠᠷᠢᠨ᠎ᠠ!
ᠴᠠᠰᠤ ᠮᠣᠩᠭᠣᠯ ᠤᠨ ᠥᠨᠳᠥᠷᠯᠢᠭ ᠢ ᠳᠠᠷᠤᠨ᠎ᠠ
ᠴᠠᠭ ᠮᠣᠩᠭᠣᠯ ᠤᠨ ᠥᠨᠳᠥᠷᠯᠢᠭ ᠢ ᠤᠷᠠᠨ᠎ᠠ᠃
《 ᠴᠠᠭᠠᠨ ᠲᠣᠯᠣᠭᠠᠢ》ᠴᠠᠭᠠᠨ ᠬᠡᠷᠡᠮ ᠪᠣᠯᠵᠤ
ᠮᠣᠩᠭᠣᠯ ᠤᠨ ᠥᠨᠳᠥᠷᠯᠢᠭ ᠢ ᠣᠷᠢᠶᠠᠨ᠎ᠠ!
ᠴᠠᠭᠠᠨ᠎ᠠ ᠠᠴᠠ ᠴᠠᠰᠤ ᠰᠢᠭᠤᠷᠤᠨ᠎ᠠ
《 ᠴᠠᠭᠠᠨ ᠲᠣᠯᠣᠭᠠᠢ》ᠨᠠᠭᠠᠨ᠎ᠠ ᠠᠴᠠ ᠨᠢ ᠰᠢᠭᠤᠷᠤᠨ᠎ᠠ!
ᠴᠠᠰᠤ ᠴᠠᠭᠠᠨ ᠲᠠᠯ᠎ᠠ ᠳᠤ《 ᠴᠠᠭᠠᠨ ᠬᠡᠷᠡᠮ》ᠣᠷᠣᠢ ᠠᠴᠠ ᠪᠠᠨ ᠰᠢᠭᠤᠷᠤᠨ᠎ᠠ!
ᠡᠨᠡ ᠥᠷᠯᠥᠭᠡ ᠮᠣᠩᠭᠣᠯ ᠤᠨ ᠮᠢᠩᠭᠠᠨ ᠪᠦᠰᠡᠭᠦᠢ ᠡᠬᠡ ᠰᠠᠭᠤᠵᠤ
ᠡᠷᠬᠡ ᠬᠣᠩᠭᠣᠷ ᠦᠷ᠎ᠡ ᠪᠡᠨ ᠡᠯᠢᠭᠡᠨ ᠳᠦ ᠪᠡᠨ ᠲᠡᠪᠡᠷᠢᠭᠰᠡᠨ ᠴᠤ ᠮᠠᠭᠠᠳ!
ᠡᠨᠡ ᠥᠷᠯᠥᠭᠡ ᠮᠣᠩᠭᠣᠯ ᠤᠨ ᠲᠦᠮᠡᠨ ᠨᠢᠯᠬᠠᠰ
ᠡᠬᠡ ᠬᠡᠯᠡᠨ ᠦ ᠬᠡᠯᠡᠭᠡᠢ ᠤᠭᠤᠷᠠᠭ ᠶ᠋ᠢᠠᠨ ᠰᠠᠨᠠᠵᠤ
ᠡᠴᠢᠭᠡ ᠶᠢᠨ ᠶ᠋ᠢᠡᠨ ᠬᠥᠯ ᠳᠣᠣᠷ᠎ᠠ
ᠡᠭᠡᠷᠡᠲᠡᠯᠡ ᠪᠡᠨ ᠤᠬᠢᠯᠠᠭᠰᠠᠨ ᠴᠤ ᠮᠠᠭᠠᠳ!
ᠡᠨᠡ ᠥᠷᠯᠥᠭᠡ ᠮᠣᠩᠭᠣᠯ ᠬᠡᠯᠡᠨ ᠦ ᠵᠠᠭᠤᠨ ᠪᠠᠭᠰᠢ
ᠡᠷᠭᠢ ᠭᠠᠷᠲᠠᠯ᠎ᠠ ᠰᠢᠭᠤᠷᠬᠤ ᠡᠭᠡᠰᠢᠭ ᠳᠣᠯᠣᠭ᠎ᠠ ᠪᠠᠨ ᠬᠠᠰᠢᠬᠤ ᠭᠡᠵᠦ
ᠡᠯᠢᠭᠡ ᠵᠢᠷᠦᠬᠡ ᠪᠡᠨ ᠰᠤᠭᠤᠯᠤᠭᠰᠠᠨ ᠴᠤ ᠮᠠᠭᠠᠳ᠁ ᠁
ᠴᠢᠩᠭᠢᠰ ᠭᠡᠳᠡᠭ ᠨᠡᠷ᠎ᠡ ᠶᠢ ᠪᠣᠰᠤᠭ᠎ᠠ ᠠᠪᠴᠤ ᠶᠠᠪᠤᠬᠤ ᠦᠭᠡᠢ ᠪᠣᠯ
ᠴᠢ ᠪᠢᠳᠡ ᠬᠥᠮᠦᠨ ᠦ ᠡᠮᠦᠨ᠎ᠡ ᠨᠡᠷ᠎ᠡ ᠪᠡᠨ ᠪᠢᠴᠢᠭᠰᠡᠨ ᠦ ᠬᠡᠷᠡᠭ ᠦᠭᠡᠢ!
ᠴᠢᠨᠦ ᠨᠡᠷ᠎ᠡ ᠪᠡᠷ ᠲᠡᠦᠬᠡ ᠳᠤᠲᠠᠭ᠎ᠠ ᠦᠭᠡᠢ!
ᠴᠢᠩᠭᠢᠰ ᠦᠨ ᠦᠷᠡᠰ ᠣᠷᠣ ᠪᠠᠷ ᠳᠤᠲᠠᠭ᠎ᠠ ᠦᠭᠡᠢ!
ᠳᠡᠭᠡᠳᠦᠰ ᠦᠨ ᠮᠢᠨᠢ ᠲᠠᠷᠢᠭᠰᠠᠨ ᠳᠡᠯᠭᠡᠷ ᠽᠠᠨᠳᠠᠨ ᠮᠣᠳᠣ
ᠢᠷᠡᠬᠦ ᠵᠠᠭᠤᠨ ᠤ ᠰᠠᠯᠬᠢ ᠴᠢᠩᠨᠠᠵᠤ ᠶᠢᠷᠲᠢᠨᠴᠦ ᠶᠢᠨ ᠣᠷᠣᠢ ᠳᠤ ᠭᠠᠩᠬᠤᠨ᠎ᠠ!
ᠦᠰᠦᠭ ᠬᠠᠲᠠᠵᠤ ᠠᠮᠢᠯᠠᠭᠤᠯᠤᠭᠰᠠᠨ ᠨᠢ᠄ ᠴᠢ᠊ · ᠤᠷᠠᠨᠴᠡᠴᠡᠭ
