ᠰᠠᠯᠬᠢ – ᠷ ᠂ ᠴᠣᠢᠨᠣᠮ Салхи – Р ᠂ Чойном
ᠰᠠᠯᠬᠢ
ᠡᠨᠡ ᠰᠠᠯᠬᠢ ᠰᠣᠭᠲᠣᠭᠤ ᠶᠤᠮ ᠰᠢᠭ᠋
ᠡᠬᠢ ᠨᠢ ᠪᠦᠷ ᠡᠷᠭᠢᠴᠢᠭᠡᠭᠰᠡᠨ ᠶᠠᠪᠤᠬᠤ ᠶᠤᠮ
ᠬᠠᠮᠢᠬ᠋᠎ᠠ ᠠ᠋ᠴᠠ ᠠᠩᠬ᠎ᠠ ᠭᠠᠷᠤᠭᠰᠠᠨ ᠶ᠋ᠢᠠᠨ
ᠬᠠᠷᠠᠨ ᠪᠠᠶ᠋ᠢᠲᠠᠯ᠎ᠠ ᠮᠠᠷᠲᠠᠭᠰᠠᠨ ᠪᠣᠯᠤᠯᠲᠠᠢ
ᠡᠮᠦᠨ᠎ᠡ ᠵᠦᠭ ᠦ᠋ᠨ ᠪᠦᠯᠢᠶᠡᠨ ᠰᠠᠯᠬᠢ
ᠥᠭᠡᠳᠡ ᠡᠴᠡ ᠦᠯᠢᠶᠡᠵᠦ ᠪᠠᠶ᠋ᠢᠨ᠎ᠠ ᠤᠤ? ᠭᠡᠲᠡᠯ᠎ᠡ
ᠬᠠᠮᠢᠬ᠋᠎ᠠ ᠴᠦ᠍ ᠶᠤᠮ᠂ ᠭᠡᠨᠡᠤᠠᠲᠡᠬᠡᠨ ᠬᠤᠪᠢᠰᠴᠤ
ᠬᠠᠪᠢᠷᠬ᠋ᠠ ᠨᠡᠪᠲᠡ ᠰᠡᠩᠭᠢᠨᠡᠬᠦ ᠶᠤᠮ᠃
ᠤᠰᠤ— ᠴᠠᠭ ᠠᠭᠤᠷ ᠦ᠋ᠨ ᠬᠣᠷᠢᠶ᠎ᠠ
ᠤᠷᠢᠳ ᠠ᠋ᠴᠠ ᠪᠢᠲᠡᠨ ᠳ᠋ᠦ᠍ ᠮᠡᠲᠡᠭᠡᠯᠡᠵᠦ
ᠵᠡᠭᠦᠨ ᠡᠮᠦᠨ᠎ᠡ ᠡᠴᠡ ᠰᠠᠯᠬᠢ ᠲᠠᠢ ᠭᠡᠨ᠎ᠡ
ᠵᠡᠭᠦᠨ ᠡᠮᠦᠨ᠎ᠡ ᠪᠡᠨ ᠪᠠᠶ᠋ᠢᠬ᠋᠎ᠠ ᠯᠠ ᠪᠢᠵᠡ
ᠡᠨᠳᠡ ᠬᠠᠷᠢᠨ ᠪᠠᠷᠠᠭᠤᠨ ᠬᠣᠶ᠋ᠢᠨ᠎ᠠ ᠠ᠋ᠴᠠ
ᠡᠪᠡᠷ ᠪᠦᠷᠢᠶ᠎ᠡ ᠰᠢᠭ᠌ ᠦᠯᠢᠶᠡᠵᠦ ᠪᠠᠶ᠋ᠢᠨ᠎ᠠ
ᠲᠡᠭᠡᠭᠰᠡᠨ ᠶ᠋ᠢᠡᠨ ᠪᠣᠯᠢᠭᠠᠳ ᠡᠨᠳᠡ ᠲᠡᠨᠳᠡ
ᠲᠡᠭᠡᠭᠯᠡᠨ ᠰᠠᠭᠠᠲᠠᠨ ᠵᠠᠯᠠᠷᠠᠵᠤ ᠪᠠᠶ᠋ᠢᠨ᠎ᠠ
ᠴᠢ ᠬᠡᠷᠪᠡ ᠡᠨᠡ ᠰᠠᠯᠬᠢ ᠰᠢᠭ᠋
ᠴᠢᠭ᠌ ᠶ᠋ᠢᠡᠨ ᠮᠡᠲᠡᠬᠦ ᠦᠭᠡᠢ ᠰᠦᠷᠴᠢᠭᠢᠨᠡᠳᠡᠭ ᠪᠣᠯ
ᠡᠨᠡ ᠳᠡᠯᠡᠬᠡᠢ ᠳ᠋ᠦ᠍ ᠬᠡᠴᠢᠨᠡᠬᠡᠨᠡ ᠨᠠᠰᠤᠯᠠᠭᠠᠳ
ᠡᠷᠢᠭᠰᠡᠨ ᠶ᠋ᠢᠡᠨ ᠯᠠᠪ ᠬᠡᠵᠢᠶ᠎ᠡ ᠴᠦ᠍ ᠣᠯᠬᠤ ᠦᠭᠡᠢ᠃
※ ᠢᠷᠡᠯᠲᠡ᠄
《 ᠷ · ᠴᠣᠶ᠋ᠢᠨᠣᠮ ᠦ᠋ᠨ ᠰᠢᠯᠦᠭ ᠵᠣᠬᠢᠶᠠᠯ ᠬᠤᠷᠢᠶᠠᠬᠤᠢ — 》
— ᠤᠶᠠᠩᠬ᠋᠎ᠠ ᠶ᠋ᠢᠨ ᠰᠢᠯᠦᠭ ᠡᠴᠡ ᠬᠠᠭᠤᠯᠪᠠ ᠃
ᠪᠢ · ᠳᠠᠮᠳᠢᠨᠰᠦ᠋ᠷᠦᠩ ᠡᠮᠬᠢᠤᠠᠬᠡᠨ ᠨᠠᠶ᠋ᠢᠷᠠᠭᠤᠯᠪᠠ
ᠬᠠᠷᠢᠭᠤᠴᠠᠭᠰᠠᠨ ᠨᠠᠶ᠋ᠢᠷᠠᠭᠤᠯᠤᠭᠴᠢ ᠄ ᠪᠣᠷᠤᠨᠤᠳ ᠳᠣᠷᠵᠢ
ᠦᠰᠦᠭ ᠠᠮᠢᠯᠠᠭᠤᠯᠤᠭᠴᠢ᠄ ᠬᠣᠩ ᠮᠧᠢ
ᠬᠢᠨᠠᠭᠴᠢ᠄ ᠭᠠᠷᠮᠡ
