ᠣᠷᠴᠢᠨ ᠦᠶ᠎ᠡ ᠶ᠋ᠢᠨ ᠮᠣᠩᠭᠣᠯ – ᠷ ᠂ ᠴᠣᠢᠨᠣᠮ Орчин үеийн монгол – Р ᠂ Чойном ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠣᠷᠴᠢᠨ ᠦᠶ᠎ᠡ ᠶ᠋ᠢᠨ ᠮᠣᠩᠭᠣᠯ – ᠷ ᠂ ᠴᠣᠢᠨᠣᠮ Орчин үеийн монгол – Р ᠂ Чойном

ᠣᠷᠴᠢᠨ ᠦᠶ᠎ᠡ ᠶ᠋ᠢᠨ ᠮᠣᠩᠭᠣᠯ – ᠷ ᠂ ᠴᠣᠢᠨᠣᠮ Орчин үеийн монгол – Р ᠂ Чойном

2023-07-18

341

ᠣᠷᠴᠢᠨ ᠦᠶ᠎ᠡ ᠶ᠋ᠢᠨ ᠮᠣᠩᠭᠣᠯ


 ᠡᠭᠦᠲ‍ᠡᠨ ᠳ᠋ᠡᠭᠡᠨ ᠬᠠᠷᠠᠭᠤᠯ ᠲᠠᠢ ᠣᠷᠣᠰ ᠮᠠᠶᠢᠭ ᠦ᠋ᠨ ᠳᠡᠯᠭᠡᠭᠦᠷ
 ᠦᠳᠡ ᠶ᠋ᠢᠨ ᠴᠠᠢ ᠳ᠋ᠦ᠍ ᠵᠠᠯᠠᠷᠠᠭᠰᠠᠨ ᠴᠸᠬᠣ᠋ ᠮᠠᠰᠢᠨ ᠲᠠᠢ ᠨᠣᠶᠠᠳ
 ᠰᠢᠯᠢᠨ ᠵᠦᠩᠵᠡ ᠮᠡᠯᠲᠡᠭᠡᠨᠡᠭᠰᠡᠨ ᠬᠠᠷᠢ ᠣᠷᠣᠨ ᠪ ᠳᠠᠷᠠᠰᠤ
 ᠰᠢᠯᠢ ᠪᠡᠨ ᠳᠠᠷᠤᠭᠰᠠᠨ  ᠶᠡᠬᠡᠮᠰᠦᠭ ᠵᠠᠩᠲᠠᠢ ᠵᠠᠯᠠᠭᠤᠰ

 ᠣᠷᠣᠰ ᠠᠷᠢᠬᠢᠨ ᠪ ᠠᠭᠠᠭ ᠲᠤ ᠤᠬᠤᠨ᠎ᠠ ᠢᠰᠢᠭᠡ ᠰᠢᠭ᠌ ᠣᠮᠣᠶ᠋ᠢᠲ‍ᠠᠵᠤ
 ᠣᠷᠣᠨ ᠬᠣᠲᠠ ᠶ᠋ᠢᠨ ᠭᠠᠵᠠᠷ ᠠᠰᠠᠮᠠᠨ ᠪᠤᠬ᠎ᠠ ᠰᠢᠭ᠋  ᠬᠡᠷᠦᠭᠰᠡᠨ
 ᠡᠷ᠎ᠡ ᠡᠮ᠎ᠡ ᠨᠢ  ᠮᠡᠳᠡᠭᠳᠡᠬᠦ ᠦᠭᠡᠢ ᠨᠢᠲ‍ᠤᠷᠬ᠋᠎ᠠ ᠵᠠᠩᠭᠢᠲ‍ᠤᠭᠰᠠᠨ ᠬᠥᠮᠦᠰ 
 ᠡᠷᠢᠶᠡᠨ ᠮᠡᠷᠢᠶᠡᠨ ᠳ᠋ᠦ᠍ ᠬᠠᠭᠤᠷᠲᠠᠭᠰᠠᠨ ᠰᠣᠨᠢᠨ  ᠴᠢᠷᠦᠭᠰᠡᠨ ᠬᠡᠦᠬᠡᠳ ᠦ᠋ᠳ

 ᠣᠷᠣᠰ ᠸᠸᠩᠭᠧᠷ ᠦ᠋ᠨ ᠡᠪᠦᠷ  ᠲᠦ ᠪᠤᠵᠠᠷ  ᠰᠢᠩᠭᠡᠭᠰᠡᠨ ᠥᠬᠢᠳ ᠦ᠋ᠳ
 ᠣᠯᠢᠬᠲᠠᠢ ᠰᠤᠷᠤᠭᠰᠠᠨ ᠡᠷᠲ‍ᠡᠮ ᠦᠭᠡᠢ ᠴᠠᠭᠠᠨ ᠭᠠᠷ ᠲᠠᠢ ᠵᠠᠯᠠᠭᠤᠰ
 ᠣᠯᠠᠨ ᠬᠥᠮᠦᠨ ᠵᠣᠪᠠᠵᠤ  ᠵᠦᠳᠡᠷᠡᠭᠰᠡᠨ ᠱᠣᠷᠣᠩ  ᠰᠢᠭ᠋ ᠣᠷᠣᠨ
 ᠣᠪᠵᠢᠨ ᠲᠠᠩᠬᠢᠯ ᠣᠷᠣᠰ ᠦ᠋ᠨ ᠵᠢᠷᠦᠬᠡ  ᠵᠦᠰᠦᠭᠰᠡᠨ ᠭᠠᠵᠠᠷ

 ᠠᠷᠤ ᠶ᠋ᠢᠨ ᠬᠠᠭᠠᠯᠬ᠋᠎ᠠ ᠲᠠᠢ ᠵᠠᠷᠢᠮ ᠨᠢ ᠮᠠᠷᠰᠠᠶ᠋ᠢᠨ ᠭᠠᠷᠲ‍ᠠᠭ ᠰᠠᠪᠠ
 ᠠᠯᠢᠪᠠ ᠦᠨᠡᠨ ᠪᠦᠬᠦᠨ ᠣᠷᠣ ᠦᠭᠡᠢ ᠪᠣᠯᠤᠭᠰᠠᠨ ᠭᠠᠵᠠᠷ
 ᠡᠶ᠋ᠢᠮᠦ ᠨᠢᠭᠡᠨ ᠮᠣᠩᠭᠣᠯ ᠦ᠋ᠨ ᠡᠬᠢᠨ ᠨᠢᠭᠡᠨ ᠨᠠᠶ᠋ᠢᠷᠠᠭᠴᠢ ᠡ ᠪᠢ
 ᠬᠠᠷᠠᠮᠰᠠᠩᠬᠠᠨ ᠳᠠᠭᠤᠯᠠᠨᠠᠮ ᠬᠠᠷᠠᠭᠤᠰᠠᠩᠬᠠᠨ ᠣᠬᠢᠯᠠᠨᠠᠮ ᠪᠢ᠃


※ ᠢᠷᠡᠯᠲᠡ᠄
    《 ᠷ · ᠴᠣᠶ᠋ᠢᠨᠣᠮ ᠦ᠋ᠨ ᠰᠢᠯᠦᠭ ᠵᠣᠬᠢᠶᠠᠯ ᠬᠤᠷᠢᠶᠠᠬᠤᠢ — 》
            — ᠤᠶᠠᠩᠬ᠋᠎ᠠ ᠶ᠋ᠢᠨ ᠰᠢᠯᠦᠭ ᠡᠴᠡ ᠬᠠᠭᠤᠯᠪᠠ ᠃
             ᠪᠢ‍  · ᠳᠠᠮᠳᠢᠨᠰᠦ᠋ᠷᠦᠩ ᠡᠮᠬᠢᠤᠠᠬᠡᠨ ᠨᠠᠶ᠋ᠢᠷᠠᠭᠤᠯᠪᠠ
             ᠬᠠᠷᠢᠭᠤᠴᠠᠭᠰᠠᠨ ᠨᠠᠶ᠋ᠢᠷᠠᠭᠤᠯᠤᠭᠴᠢ ᠄ ᠪᠣᠷᠤᠨᠤᠳ ᠳᠣᠷᠵᠢ

       ᠦᠰᠦᠭ ᠠᠮᠢᠯᠠᠭᠤᠯᠤᠭᠴᠢ᠄ ᠰᠡᠷᠭᠦᠯᠡᠩ
          ᠬᠢᠨᠠᠭᠴᠢ᠄ ᠣᠤ‍ᠠᠬᠠᠨᠰᠣ‌‌‍ᠠ᠋