ᠱᠣᠷᠣᠩ ᠤᠨ ᠪᠠᠷ᠎ᠠ– ᠷ ᠂ ᠴᠣᠢᠨᠣᠮ Шоронгийн бараа – Р ᠂ Чойном
ᠱᠣᠷᠣᠩ ᠤᠨ ᠪᠠᠷ᠎ᠠ
ᠵᠢᠷᠤᠭ ᠦ᠋ᠨ ᠦᠵᠡᠮᠵᠢ ᠪᠦᠷᠢᠳᠦᠭᠰᠡᠨ
ᠵᠤᠨ ᠪ ᠰᠠᠶ᠋ᠢᠬᠠᠨ ᠠᠭᠤᠯᠠᠰ ᠳᠤᠮᠳᠠ
ᠵᠠᠭᠤᠨ ᠲᠦᠮᠡᠨ ᠪ ᠲᠣᠯᠣᠭᠠᠢ ᠵᠠᠯᠭᠢᠬᠰᠠᠨ
ᠵᠠᠭᠤᠷᠠᠳᠤ ᠶ᠋ᠢᠨ ᠬᠠᠷ᠎ᠠ ᠮᠠᠩᠭᠤᠰ ᠠᠲᠠᠯᠢ
ᠲᠣᠷᠤᠶ᠋ᠢᠬᠤ ᠪᠠᠷ᠎ᠠ ᠬᠦᠢᠲᠡᠨ ᠴᠡᠪᠳᠡᠭ
ᠲᠣᠮᠣ ᠬᠡᠷᠡᠮ ᠨᠢ ᠨᠦᠰᠡᠷ ᠬᠦᠨᠳᠦ
ᠲᠣᠣᠷ ᠰᠡᠷᠡᠯᠵᠢᠨ ᠳ᠋ᠦ᠍ ᠥᠪᠴᠢ ᠪᠠᠷᠢᠬᠲᠠᠭᠰᠠᠨ
ᠬᠠᠷ᠎ᠠ ᠱᠣᠷᠣᠩ ᠴᠢᠮᠡᠭᠡ ᠦᠭᠡᠢ ᠲᠦᠩᠰᠦᠶ᠋ᠢᠨᠡ᠃
ᠪᠠᠯᠲᠤ ᠲᠡᠮᠦᠷ ᠶ᠋ᠢᠡᠷ ᠳᠠᠪᠬᠤᠷ ᠴᠣᠣᠵᠢᠯᠠᠵᠤ
ᠪᠠᠲᠤᠯᠠᠨ ᠬᠠᠭᠠᠭᠰᠠᠨ ᠬᠠᠭᠠᠯᠬ᠋ᠠ ᠬᠢᠭᠡᠳ
ᠵᠢᠳᠠ ᠪᠠᠷ ᠬᠠᠤᠠᠬᠤᠵᠤ ᠭᠠᠷᠭᠠᠭᠰᠠᠨ ᠶᠤᠮ ᠰᠢᠭ᠋
ᠵᠢᠷᠲᠠᠭᠠᠢ ᠬᠠᠷ᠎ᠠ ᠴᠣᠩᠬᠣ ᠨᠤᠭᠤᠳ ᠨᠢ
ᠡᠷᠬᠡ ᠴᠢᠯᠥᠭᠡᠲᠦ ᠬᠥᠮᠦᠨ ᠴᠢᠮᠠᠶ᠋ᠢ
ᠡᠷᠲᠡ ᠶ᠋ᠢᠨ ᠡᠷᠲᠡ ᠡᠴᠡ ᠵᠠᠨᠤᠯᠬᠢᠯᠠᠭᠰᠠᠨ
ᠲᠥᠷᠥ ᠡᠪᠦᠭᠡᠨ ᠪ ᠰᠣᠬᠣᠷ ᠬᠠᠷ᠎ᠠ ᠨᠣᠬᠠᠢ
ᠲᠡᠮᠦᠷ ᠭᠢᠨᠵᠢ ᠲᠡᠢ ᠠᠷᠬᠢᠷᠠᠬᠤ ᠰᠢᠭ᠋ ᠰᠠᠨᠠᠭᠲᠠᠨ᠎ᠠ᠃
ᠡᠨᠡ ᠪᠣᠯ
ᠡᠲᠦᠷ ᠦ᠋ᠨ ᠳᠤᠮᠲᠠᠬᠢ
ᠰᠥᠨᠢ ᠶ᠋ᠢᠨ ᠬᠡᠯᠲᠡᠷᠬᠡᠢ
ᠥᠨᠥᠲᠥᠷ ᠦ᠋ᠨ ᠳᠤᠮᠲᠠᠬᠢ
ᠡᠷᠲᠡᠨ ᠪ ᠪᠣᠭᠣᠯ ᠡᠵᠡᠮᠰᠢᠯ ᠦ᠋ᠨ ᠦᠯᠡᠳᠡᠭᠳᠡᠯ!
ᠠᠮᠢᠲᠤᠷᠠᠯ ᠢ ᠦᠬᠦᠯ ᠲᠡᠶ᠋ᠢᠰᠢ ᠬᠦᠲᠦᠯᠳᠡᠭ
ᠠᠯᠪᠠᠨ ᠶᠣᠰᠣᠨ ᠪ ᠵᠠᠷ ᠪᠢᠴᠢᠭ᠌ ᠲᠡᠢ ᠶᠠᠷᠭᠠᠴᠢᠨ
ᠡᠨᠡ ᠪᠣᠯ ᠱᠣᠷᠣᠩ!
※ ᠢᠷᠡᠯᠲᠡ᠄
《 ᠷ · ᠴᠣᠶ᠋ᠢᠨᠣᠮ ᠦ᠋ᠨ ᠰᠢᠯᠦᠭ ᠵᠣᠬᠢᠶᠠᠯ ᠬᠤᠷᠢᠶᠠᠬᠤᠢ — 》
— ᠤᠶᠠᠩᠬ᠋᠎ᠠ ᠶ᠋ᠢᠨ ᠰᠢᠯᠦᠭ ᠡᠴᠡ ᠬᠠᠭᠤᠯᠪᠠ ᠃
ᠪᠢ · ᠳᠠᠮᠳᠢᠨᠰᠦ᠋ᠷᠦᠩ ᠡᠮᠬᠢᠤᠠᠬᠡᠨ ᠨᠠᠶ᠋ᠢᠷᠠᠭᠤᠯᠪᠠ
ᠬᠠᠷᠢᠭᠤᠴᠠᠭᠰᠠᠨ ᠨᠠᠶ᠋ᠢᠷᠠᠭᠤᠯᠤᠭᠴᠢ ᠄ ᠪᠣᠷᠤᠨᠤᠳ ᠳᠣᠷᠵᠢ
ᠦᠰᠦᠭ ᠠᠮᠢᠯᠠᠭᠤᠯᠤᠭᠴᠢ᠄ ᠬᠣᠩ ᠮᠧᠢ
ᠬᠢᠨᠠᠭᠴᠢ᠄ ᠣᠤᠠᠬᠠᠨᠰᠣᠠ᠋᠂ ᠰᠡᠬᠡᠭᠡᠷᠡᠯ
