ᠬᠠᠯᠢᠮᠦ( ᠬᠡᠯᠡ ᠪᠢᠴᠢᠭ – ᠳᠣᠯᠣᠳᠤᠭᠠᠷ ᠳᠡᠪᠲᠡᠷ) Халим ( Хэл бичиг – Долдугар дэвтэр)
ᠬᠠᠯᠢᠮᠦ
ᠵᠠᠭᠠᠨ ᠢ᠋ ᠦᠵᠡᠭᠰᠡᠨ ᠬᠥᠮᠦᠰ ᠴᠥᠮ ᠲᠡᠭᠦᠨ ᠢ᠋ ᠮᠤᠨᠳᠠᠭ ᠪᠦᠳᠦᠭᠦᠨ ᠠᠮᠢᠲᠠᠨ ᠪᠠᠢᠨ᠎ᠠ ᠭᠡᠵᠡᠭᠡᠳᠡᠭ᠃ ᠭᠡᠬᠦ ᠳ᠋ᠦ᠍ ᠵᠠᠭᠠᠨ ᠠ᠋ᠴᠠ ᠬᠠᠪᠢ ᠦᠭᠡᠢ ᠪᠦᠳᠦᠭᠦᠨ ᠠᠮᠢᠲᠠᠨ ᠪᠠᠰᠠ ᠪᠠᠢᠨ᠎ᠠ ᠰᠢᠦ᠃ ᠬᠠᠯᠢᠮᠤ ᠪᠣᠯ ᠶᠣᠰᠣᠲᠠᠢ ᠮᠤᠨᠳᠠᠭ ᠪᠦᠳᠦᠭᠦᠨ ᠠᠮᠢᠲᠠᠨ ᠶᠤᠮ᠃ ᠬᠠᠮᠤᠭ ᠤ᠋ᠨ ᠪᠦᠳᠦᠭᠦᠨ ᠬᠠᠯᠢᠮᠤ ᠠᠷᠪᠠᠨ ᠵᠢᠷᠭᠤᠭᠠᠨ ᠲᠦᠮᠡ ᠢᠯᠡᠭᠦᠦ ᠺᠢᠯᠣᠭ᠌ᠷᠠᠮ ᠪᠠᠢᠬᠤ ᠪᠠ ᠬᠠᠮᠤᠭ ᠪᠠᠭ᠎ᠠ ᠨᠢ ᠴᠦ᠍ ᠬᠣᠶᠠᠷ ᠭᠤᠷᠪᠠᠨ ᠮᠢᠩᠭᠠᠨ ᠺᠢᠯᠣᠭ᠌ᠷᠠᠮ ᠪᠠᠢᠳᠠᠭ ᠪᠢᠯᠡ᠃ ᠮᠠᠨ ᠤ᠋ ᠤᠯᠤᠰ ᠤ᠋ᠨ ᠠᠩᠨᠠᠭᠰᠠᠨ ᠳᠥᠷᠪᠡᠨ ᠲᠦᠮᠡ ᠢᠯᠡᠭᠦᠦ ᠺᠢᠯᠣᠭ᠌ᠷᠠᠮ ᠬᠦᠨᠳᠦ ᠨᠢᠭᠡ ᠬᠠᠯᠢᠮᠤ ᠨᠢ ᠤᠷᠲᠤ ᠪᠠᠷ ᠢ᠋ᠶ᠋ᠠᠨ ᠠᠷᠪᠠᠨ ᠳᠣᠯᠣᠭᠠᠨ ᠮᠧᠲ᠋ᠷ ᠪᠠᠢᠭᠰᠠᠨ ᠶᠤᠮ᠃ ᠬᠡᠯᠡ ᠨᠢ ᠬᠦᠷᠲᠡᠯ᠎ᠡ ᠠᠷᠪᠠᠨ ᠬᠡᠳᠦᠨ ᠪᠣᠷᠳᠣᠭᠠᠨ ᠭᠠᠬᠠᠢ ᠶ᠋ᠢᠨ ᠬᠢᠷᠢ ᠬᠦᠨᠳᠦ ᠪᠠᠢᠭᠰᠠᠨ ᠪᠢᠯᠡ᠃ ᠡᠨᠡ ᠬᠠᠯᠢᠮᠤ ᠶ᠋ᠢᠨ ᠠᠮᠠᠨ ᠳᠣᠲᠣᠷ᠎ᠠ ᠨᠢ ᠬᠥᠮᠦᠨ ᠵᠣᠭᠰᠣᠭᠠᠳ ᠭᠠᠷ ᠢ᠋ᠶ᠋ᠠᠨ ᠳᠡᠭᠡᠭᠰᠢ ᠰᠤᠩᠭᠠᠭᠰᠠᠨ ᠴᠤ᠌ ᠲᠠᠩᠨᠠᠢ ᠳ᠋ᠤᠨᠢ ᠲᠤᠯᠬᠤ ᠦᠭᠡᠢ ᠶᠦ᠍ᠮ᠃ ᠠᠮᠠᠨ ᠤ᠋ ᠬᠥᠨᠳᠡᠢ ᠳ᠋ᠦ᠍ᠨᠢ ᠳᠥᠷᠪᠡᠨ ᠬᠥᠮᠦᠨ ᠰᠢᠷᠡᠭᠡ ᠲᠣᠭᠣᠷᠢᠵᠤ ᠰᠠᠭᠤᠭᠠᠳ ᠨᠣᠮ ᠦᠵᠡᠭᠰᠡᠨ ᠴᠦ᠍ ᠠᠭᠤᠵᠢᠮ ᠪᠠᠭᠲᠠᠨ᠎ᠠ᠃
ᠬᠠᠯᠢᠮᠤ ᠪᠣᠯ ᠳᠠᠯᠠᠢ ᠳ᠋ᠤ᠌ ᠠᠮᠢᠳᠤᠷᠠᠳᠠᠭ ᠪᠥᠭᠡᠳ ᠪᠠᠢᠳᠠᠯ ᠳᠦᠷᠰᠦ ᠨᠢ ᠵᠢᠭᠠᠰᠤ ᠲᠠᠢ ᠲᠥᠰᠲᠡᠢ ᠲᠤᠯᠠ ᠬᠥᠮᠦᠰ ᠲᠡᠭᠦᠨ ᠢ᠋ ᠬᠠᠯᠢᠮᠤ ᠵᠢᠭᠠᠰᠤ ᠭᠡᠵᠦ ᠳᠠᠭᠤᠳᠠᠵᠤ ᠵᠠᠩᠰᠢᠭᠰᠠᠨ ᠪᠠᠢᠨ᠎ᠠ᠃ ᠦᠨᠡᠨ ᠳ᠋ᠡᠭᠡᠨ ᠬᠠᠯᠢᠮᠤ ᠪᠣᠯ ᠬᠥᠬᠥᠲᠡᠨ ᠠᠮᠢᠲᠠᠨ ᠶᠤᠮ᠂ ᠵᠢᠭᠠᠰᠤᠨ ᠤ᠋ ᠲᠥᠷᠥᠯ ᠳ᠋ᠦ᠍ ᠣᠷᠣᠬᠤ ᠦᠭᠡᠢ᠃ ᠪᠠᠯᠠᠷ ᠡᠷᠲᠡᠨ ᠦ᠌ ᠦᠶ᠎ᠡ ᠳ᠋ᠦ᠍ ᠬᠠᠯᠢᠮᠤ ᠶ᠋ᠢᠨ ᠳᠡᠭᠡᠳᠦᠰ ᠨᠢ ᠮᠥᠨ ᠦᠬᠡᠷ ᠬᠣᠨᠢ ᠶ᠋ᠢᠨ ᠳᠡᠭᠡᠳᠦᠰ ᠲᠡᠢ ᠠᠳᠠᠯᠢ ᠴᠥᠮ ᠬᠠᠭᠤᠷᠠᠢ ᠭᠠᠵᠠᠷ ᠠᠮᠢᠳᠤᠷᠠᠵᠤ ᠪᠠᠢᠵᠠᠢ᠃ ᠬᠣᠵᠢᠮ ᠨᠢ ᠣᠷᠴᠢᠨ ᠲᠣᠭᠣᠷᠢᠨ ᠤ᠋ ᠬᠤᠪᠢᠰᠤᠯᠲᠠ ᠡᠴᠡ ᠪᠣᠯᠵᠤ ᠬᠠᠯᠢᠮᠤ ᠶ᠋ᠢᠨ ᠳᠡᠭᠡᠳᠦᠰ ᠨᠢ ᠬᠠᠭᠤᠷᠠᠢ ᠭᠠᠵᠠᠷ ᠲᠠᠢ ᠵᠠᠯᠭᠠᠯᠳᠤᠵᠤ ᠪᠠᠢᠭ᠎ᠠ ᠭᠦᠢᠬᠡᠨ ᠲᠠᠩᠭᠢᠰ ᠲᠤ᠌ ᠠᠮᠢᠳᠤᠷᠠᠬᠤ ᠪᠣᠯᠵᠠᠢ᠃ ᠲᠡᠭᠡᠭᠡᠳ ᠪᠠᠰᠠ ᠦᠢ ᠲᠦᠮᠡᠨ ᠣᠨ ᠢ᠋ ᠥᠩᠭᠡᠷᠡᠭᠡᠭᠡᠳ ᠬᠠᠯᠢᠮᠤ ᠶ᠋ᠢᠨ ᠡᠮᠦᠨ᠎ᠡ ᠬᠣᠶᠠᠷ ᠮᠥᠴᠢ ᠨᠢ ᠰᠡᠯᠢᠭᠦᠷ ᠬᠤᠪᠢᠯᠵᠤ᠂ ᠬᠣᠢᠲᠤ ᠬᠣᠶᠠᠷ ᠬᠥᠯ ᠨᠢ ᠣᠷᠣ ᠦᠭᠡᠢ ᠠᠷᠢᠯᠤᠭᠠᠳ ᠵᠢᠭᠠᠰᠤᠨ ᠤ᠋ ᠬᠡᠯᠪᠡᠷᠢ ᠲᠡᠢ ᠪᠣᠯᠵᠤ ᠳᠠᠯᠠᠢ ᠶ᠋ᠢᠨ ᠠᠮᠢᠳᠤᠷᠠᠯ ᠳ᠋ᠤ᠌ ᠵᠣᠬᠢᠴᠠᠭᠰᠠᠨ ᠪᠠᠢᠨ᠎ᠠ᠃
ᠬᠠᠯᠢᠮᠤ ᠶ᠋ᠢᠨ ᠲᠥᠷᠥᠯ ᠵᠦᠢᠯ ᠣᠯᠠᠨ ᠪᠠᠢᠳᠠᠭ᠂ ᠶᠡᠷᠦᠩᠬᠡᠢ ᠳ᠋ᠦ᠍ᠨᠢ ᠬᠣᠶᠠᠷ ᠶᠡᠬᠡ ᠲᠥᠷᠥᠯ ᠢ᠋ᠶ᠋ᠡᠷ ᠠᠩᠭᠢᠯᠠᠵᠤ ᠪᠣᠯᠤᠨ᠎ᠠ᠂ ᠲᠤᠬᠠᠢᠯᠠᠪᠠᠯ᠄ ᠨᠢᠭᠡ ᠲᠥᠷᠥᠯ ᠨᠢ ᠡᠯᠵᠢᠩ ᠲᠡᠢ᠂ ᠲᠡᠭᠦᠨ ᠢ᠋ ᠡᠯᠵᠢᠩᠲᠦ ᠬᠠᠯᠢᠮᠤ ᠭᠡᠨ᠎ᠡ᠂ ᠰᠢᠳᠦ ᠠᠷᠠᠭ᠎ᠠ ᠪᠠᠢᠳᠠᠭ ᠦᠭᠡᠢ᠃ ᠨᠥᠬᠥᠭᠡ ᠨᠢᠭᠡ ᠲᠥᠷᠥᠯ ᠨᠢ ᠬᠤᠷᠴᠠ ᠮᠡᠰᠡ ᠰᠢᠭ ᠠᠷᠠᠭ᠎ᠠ ᠰᠢᠲᠦ ᠲᠡᠢ᠂ ᠲᠡᠭᠦᠨ ᠢ᠋ ᠠᠷᠠᠭᠠᠲᠤ ᠬᠠᠯᠢᠮᠤ ᠭᠡᠨ᠎ᠡ᠃
ᠡᠢᠮᠦ ᠠᠪᠤᠷᠭᠤ ᠪᠦᠳᠦᠭᠦᠨ ᠠᠮᠢᠲᠠᠨ ᠴᠣᠬᠣᠮ ᠶᠠᠭᠤ ᠢᠳᠡᠵᠦ ᠠᠮᠢᠳᠤᠷᠠᠳᠠᠭ ᠪᠣᠢ? ᠭᠡᠪᠡᠯ᠂ ᠡᠯᠵᠢᠩᠲᠦ ᠬᠠᠯᠢᠮᠤ ᠭᠣᠣᠯᠳᠠᠭᠤ ᠰᠠᠮ ᠬᠣᠷᠣᠬᠠᠢ ᠪᠣᠯᠤᠨ ᠵᠢᠷᠠᠭᠠᠬᠠᠢ ᠶ᠋ᠢ ᠢᠳᠡᠨ᠎ᠡ᠃ ᠡᠯᠵᠢᠩᠲᠦ ᠬᠠᠯᠢᠮᠤ ᠳᠠᠯᠠᠢ ᠳ᠋ᠤ᠌ ᠤᠮᠪᠠᠨ ᠶᠠᠪᠤᠬᠤ ᠳ᠋ᠠᠭᠠᠨ ᠠᠮᠠ ᠪᠠᠨ ᠠᠩᠭᠠᠢᠵᠤ ᠲᠣᠭ᠎ᠠ ᠲᠣᠮᠰᠢ ᠦᠭᠡᠢ ᠣᠯᠠᠨ ᠵᠢᠷᠠᠭᠠᠬᠠᠢ᠂ ᠰᠠᠮ ᠬᠣᠷᠣᠬᠠᠢ ᠶ᠋ᠢ ᠤᠰᠤ ᠲᠠᠢ ᠬᠠᠮᠲᠤ ᠣᠭᠣᠴᠢᠵᠤ᠂ ᠠᠮᠠ ᠪᠠᠨ ᠬᠠᠮᠬᠢᠬᠤ ᠳ᠋ᠠᠭᠠᠨ ᠤᠰᠤ ᠶ᠋ᠢ ᠡᠯᠵᠢᠩ ᠦ᠋ᠨ ᠢ᠋ᠶ᠋ᠡᠨ ᠵᠠᠪᠰᠠᠷ ᠢ᠋ᠶ᠋ᠠᠷ ᠰᠢᠬᠠᠨ ᠭᠠᠷᠭᠠᠵᠤ᠂ ᠵᠢᠷᠠᠭᠠᠬᠠᠢ᠂ ᠰᠠᠮ ᠬᠣᠷᠣᠬᠠᠢ ᠨᠤᠭᠤᠳ ᠢ᠋ ᠵᠠᠯᠭᠢᠳᠠᠭ᠃ ᠢᠩᠭᠢᠵᠦ ᠨᠢᠭᠡ ᠡᠷᠡᠨ ᠳ᠋ᠦ᠍᠂ ᠬᠣᠶᠠᠷ ᠭᠤᠷᠪᠠᠨ ᠮᠢᠩᠭᠠᠨ ᠺᠢᠯᠣᠭ᠌ᠷᠠᠮ ᠢᠳᠡᠳᠡᠭ᠃ ᠠᠷᠠᠭᠠᠲᠤ ᠬᠠᠯᠢᠮᠤ ᠶ᠋ᠢᠨ ᠭᠣᠣᠯ ᠢᠳᠡᠰᠢ ᠨᠢ ᠲᠣᠮᠣ ᠵᠢᠭᠠᠰᠤ ᠪᠤᠶᠤ ᠳᠠᠯᠠᠢ ᠶ᠋ᠢᠨ ᠠᠷᠢᠶᠠᠲᠠᠨ ᠪᠣᠯᠤᠨ᠎ᠠ᠃ ᠲᠡᠳᠡ ᠲᠣᠮᠣ ᠵᠢᠭᠠᠰᠤ ᠪᠣᠯᠤᠨ ᠳᠠᠯᠠᠢ ᠶ᠋ᠢᠨ ᠠᠷᠢᠶᠠᠲᠠᠨ ᠢ᠋ ᠦᠵᠡᠪᠡᠯ ᠲᠣᠭᠰᠢᠨ ᠰᠢᠷᠦᠭᠦᠨ ᠢ᠋ᠶ᠋ᠡᠷ ᠳᠠᠭᠠᠷᠢᠨ ᠪᠠᠷᠢᠵᠤ ᠬᠤᠷᠴᠠ ᠰᠢᠲᠦ ᠪᠡᠷ ᠢ᠋ᠶ᠋ᠡᠨ ᠬᠠᠵᠠᠵᠤ ᠵᠠᠵᠢᠯᠤᠨ ᠳᠠᠷᠤᠢ ᠳ᠋ᠤᠨᠢ ᠢᠳᠡᠴᠢᠬᠡᠨ᠎ᠡ᠃ ᠠᠷᠠᠭᠠᠲᠤ ᠬᠠᠯᠢᠮᠤ ᠳ᠋ᠤ᠌《 ᠳᠠᠯᠠᠢ ᠶ᠋ᠢᠨ ᠪᠠᠷᠰ》 ᠭᠡᠵᠦ ᠠᠯᠳᠠᠷᠰᠢᠭᠰᠠᠨ ᠨᠢᠭᠡ ᠵᠦᠢᠯ ᠦ᠋ᠨ ᠪᠠᠷᠰ ᠬᠠᠯᠢᠮᠤ ᠪᠠᠢᠳᠠᠭ᠃ ᠵᠠᠷᠢᠮ ᠳ᠋ᠠᠭᠠᠨ ᠬᠡᠳᠦᠨ ᠠᠷᠪᠠᠨ ᠪᠠᠷᠰ ᠬᠠᠯᠢᠮᠤ ᠨᠡᠢᠯᠡᠭᠡᠳ᠂ ᠭᠤᠴᠢ ᠭᠠᠷᠤᠢ ᠲᠤᠨ ᠤ᠋ ᠪᠦᠳᠦᠭᠦᠨ ᠡᠯᠵᠢᠩᠲᠦ ᠬᠠᠯᠢᠮᠤ ᠶ᠋ᠢ ᠪᠦᠰᠡᠯᠡᠨ ᠠᠪᠴᠤ ᠬᠡᠳᠦᠬᠡᠨ ᠴᠠᠭ ᠤ᠋ᠨ ᠳᠣᠲᠣᠷ᠎ᠠ ᠢᠳᠡᠴᠢᠬᠡᠳᠡᠭ᠃
ᠬᠠᠯᠢᠮᠤ ᠪᠣᠯ ᠠᠭᠤᠰᠬᠢ ᠪᠡᠷ ᠠᠮᠢᠰᠬᠤᠯᠯᠠᠳᠠᠭ᠂ ᠡᠨᠡ ᠨᠢ ᠬᠠᠯᠢᠮᠤ ᠪᠣᠯ ᠵᠢᠭᠠᠰᠤᠨ ᠤ᠋ ᠲᠥᠷᠥᠯ ᠪᠢᠰᠢ ᠭᠡᠳᠡᠭ ᠢ᠋ ᠭᠡᠷᠡᠴᠢᠯᠡᠵᠦ ᠪᠠᠢᠨ᠎ᠠ᠃ ᠬᠠᠯᠢᠮᠤ ᠶ᠋ᠢᠨ ᠬᠠᠮᠠᠷ ᠤ᠋ᠨ ᠨᠦᠬᠡ ᠨᠢ ᠭᠠᠪᠠᠯᠠ ᠳᠡᠭᠡᠷ᠎ᠡ ᠪᠡᠨ ᠪᠠᠢᠳᠠᠭ᠃ ᠠᠮᠢᠰᠬᠤᠬᠤ ᠳ᠋ᠠᠭᠠᠨ ᠤᠰᠤᠨ ᠳᠡᠭᠡᠷ᠎ᠡ ᠬᠥᠪᠦᠨ ᠭᠠᠷᠴᠤ ᠬᠠᠭᠤᠴᠢᠨ ᠬᠡᠢ ᠪᠡᠨ ᠦᠯᠢᠶᠡᠬᠦ ᠳ᠋ᠦ᠍᠂ ᠬᠠᠮᠠᠷ ᠡᠴᠡ ᠨᠢ ᠰᠦᠷᠴᠢᠭᠳᠡᠨ ᠭᠠᠷᠤᠭᠰᠠᠨ ᠤᠰᠤ ᠴᠡᠴᠡᠷᠯᠢᠭ ᠦ᠋ᠨ ᠣᠷᠬᠢᠭ᠎ᠠ ᠪᠤᠯᠠᠭ ᠰᠢᠭ᠋ ᠠᠰ ᠳᠡᠭᠡᠭᠰᠢ ᠤᠰᠤᠨ ᠪᠠᠭᠠᠨ᠎ᠠ ᠪᠣᠰᠳᠠᠭ ᠪᠠᠢᠨ᠎ᠠ᠃ ᠬᠠᠯᠢᠮᠤ ᠤᠰᠤᠨ ᠳᠡᠭᠡᠷ᠎ᠡ ᠬᠥᠪᠴᠦ ᠭᠦᠢᠴᠡᠳ ᠠᠮᠢᠰᠬᠤᠭᠠᠳ ᠱᠤᠩᠪᠠᠨ ᠣᠷᠣᠨ᠎ᠠ᠂ ᠵᠣᠬᠢᠬᠤ ᠴᠠᠭ ᠢ᠋ ᠥᠩᠭᠡᠷᠡᠬᠦ ᠪᠦᠷᠢ ᠨᠢᠭᠡ ᠤᠳᠠᠭ᠎ᠠ ᠢᠩᠭᠢᠵᠦ ᠤᠰᠤ ᠰᠦᠷᠴᠢᠵᠦ ᠠᠮᠢᠰᠬᠤᠳᠠᠭ᠃ ᠠᠳᠠᠯᠢ ᠪᠤᠰᠤ ᠶ᠋ᠢᠨ ᠬᠠᠯᠢᠮᠤ ᠨᠤᠭᠤᠳ ᠤ᠋ᠨ ᠰᠦᠷᠴᠢᠵᠦ ᠭᠠᠷᠭᠠᠭᠰᠠᠨ ᠤᠰᠤᠨ ᠪᠠᠭᠠᠨ᠎ᠠ ᠨᠢ ᠮᠥᠨ ᠠᠳᠠᠯᠢ ᠦᠭᠡᠢ ᠪᠠᠢᠳᠠᠭ᠃ ᠡᠯᠵᠢᠩᠲᠦ ᠬᠠᠯᠢᠮᠤ ᠶ᠋ᠢᠨ ᠰᠦᠷᠴᠢᠭᠰᠡᠨ ᠤᠰᠤᠨ ᠪᠠᠭᠠᠨ᠎ᠠ ᠨᠢ ᠨᠠᠪ ᠨᠠᠷᠢᠬᠠᠨ ᠢ᠋ᠶ᠋ᠠᠷ ᠡᠭᠴᠡ ᠥᠨᠳᠥᠷ ᠪᠣᠰᠳᠠᠭ᠃ ᠠᠷᠠᠭᠠᠲᠤ ᠬᠠᠯᠢᠮᠤ ᠶ᠋ᠢᠨ ᠤᠰᠤᠨ ᠪᠠᠭᠠᠨ᠎ᠠ ᠨᠢ ᠵᠢᠰᠢᠭᠦᠦ ᠪᠥᠭᠡᠳ ᠪᠦᠳᠦᠭᠦᠨ ᠪᠣᠭᠣᠨᠢ ᠪᠠᠢᠳᠠᠭ᠃ ᠲᠤᠷᠰᠢᠯᠭ᠎ᠠ ᠲᠠᠢ ᠵᠢᠭᠠᠰᠤᠴᠢᠳ ᠶᠡᠷᠦ ᠤᠰᠤᠨ ᠪᠠᠭᠠᠨ᠎ᠠ ᠶ᠋ᠢᠨ ᠪᠠᠢᠳᠠᠯ ᠢ᠋ᠶ᠋ᠠᠷ ᠬᠠᠯᠢᠮᠤ ᠶ᠋ᠢᠨ ᠲᠥᠷᠥᠯ ᠵᠦᠢᠯ ᠪᠣᠯᠤᠨ ᠶᠡᠬᠡ ᠪᠠᠭ᠎ᠠ ᠶ᠋ᠢ ᠠᠵᠢᠵᠤ ᠮᠡᠳᠡᠳᠡᠭ ᠶᠦ᠍ᠮ᠃
ᠬᠠᠯᠢᠮᠤ ᠡᠳᠦᠷ ᠪᠦᠷᠢ ᠤᠨᠲᠠᠳᠠᠭ᠃ ᠤᠨᠲᠠᠬᠤ ᠳ᠋ᠠᠭᠠᠨ ᠠᠮᠤᠷ ᠲᠦᠪᠰᠢᠨ ᠭᠠᠵᠠᠷ ᠢ᠋ ᠡᠷᠢᠵᠦ᠂ ᠬᠡᠳᠦᠭᠦᠯᠡ ᠨᠡᠢᠯᠡᠵᠦ ᠲᠣᠯᠣᠭᠠᠢ ᠪᠠᠨ ᠳᠣᠲᠣᠭᠰᠢ ᠰᠡᠭᠦᠯ ᠢ᠋ᠶ᠋ᠡᠨ ᠭᠠᠳᠠᠭᠰᠢ ᠬᠠᠨᠳᠤᠭᠤᠯᠤᠨ ᠴᠠᠭᠠᠷᠢᠭᠯᠠᠵᠤ ᠳᠠᠯᠠᠢ ᠶ᠋ᠢᠨ ᠭᠠᠳᠠᠷᠭᠤ ᠳᠡᠭᠡᠷ᠎ᠡ ᠨᠠᠮ ᠵᠢᠮᠬᠡᠨ ᠬᠥᠪᠴᠦ ᠤᠨᠲᠠᠨ᠎ᠠ᠃ ᠬᠡᠷᠪᠡ ᠶᠠᠮᠠᠷ ᠨᠢᠭᠡᠨ ᠳᠠᠭᠤ ᠴᠢᠮᠡᠭᠡ ᠰᠣᠨᠣᠰᠪᠠᠯ ᠳᠣᠣᠷ᠎ᠠ ᠪᠠᠨ ᠵᠦᠭ ᠵᠦᠭ ᠲᠡᠭᠡᠨ ᠰᠠᠷᠨᠢᠨ ᠵᠢᠭᠤᠲᠠᠳᠠᠭ᠃
ᠬᠠᠯᠢᠮᠤ ᠪᠣᠯ ᠵᠤᠯᠵᠠᠭᠠᠯᠠᠨ ᠦᠷᠡᠵᠢᠳᠡᠭ᠃ ᠡᠯᠵᠢᠩᠲᠦ ᠬᠠᠯᠢᠮᠤ ᠶ᠋ᠢᠨ ᠵᠤᠯᠵᠠᠭ᠎ᠠ ᠡᠬᠡ ᠡᠴᠡ ᠲᠥᠷᠥᠬᠦ ᠳ᠋ᠡᠭᠡᠨ ᠠᠷᠪᠠ ᠭᠠᠷᠤᠢ ᠮᠧᠲ᠋ᠷ ᠤᠷᠲᠤ᠂ ᠳᠣᠯᠣᠭᠠᠨ ᠮᠢᠩᠭ᠎ᠠ ᠬᠣᠶᠠᠷ ᠵᠠᠭᠤ ᠭᠠᠷᠤᠢ ᠺᠢᠯᠣᠭ᠌ᠷᠠᠮ ᠬᠦᠨᠳᠦ ᠪᠠᠢᠨ᠎ᠠ᠃ ᠵᠤᠯᠵᠠᠭ᠎ᠠ ᠬᠠᠯᠢᠮᠤ ᠨᠢ ᠡᠬᠡ ᠶ᠋ᠢᠨ ᠢ᠋ᠶ᠋ᠡᠨ ᠰᠦ ᠶ᠋ᠢ ᠬᠥᠬᠥᠵᠦ᠂ ᠡᠳᠦᠷ ᠪᠦᠷᠢ ᠭᠤᠴᠢ ᠡᠴᠡ ᠲᠠᠪᠢᠨ ᠺᠢᠯᠣᠭ᠌ᠷᠠᠮ ᠥᠰᠦᠭᠰᠡᠭᠡᠷ᠂ ᠬᠣᠶᠠᠷ ᠭᠤᠷᠪᠠᠬᠠᠨ ᠵᠢᠯ ᠳ᠋ᠦ᠍ ᠨᠠᠰᠤᠨ ᠳ᠋ᠤ᠌ ᠬᠦᠷᠦᠭᠰᠡᠨ ᠲᠣᠮᠣ ᠬᠠᠯᠢᠮᠤ ᠪᠣᠯᠤᠨ᠎ᠠ᠃ ᠬᠠᠯᠢᠮᠤ ᠪᠣᠯ ᠤᠷᠲᠤ ᠨᠠᠰᠤ ᠲᠠᠢ ᠠᠮᠢᠲᠠᠨ ᠶᠤᠮ᠂ ᠶᠡᠷᠦ ᠳ᠋ᠡᠭᠡᠨ ᠬᠡᠳᠦᠨ ᠠᠷᠪᠠ ᠨᠠᠰᠤᠯᠠᠬᠤ ᠪᠤᠶᠤ ᠵᠠᠭᠤᠨ ᠨᠠᠰᠤᠯᠠᠬᠤ ᠴᠤ᠌ ᠪᠣᠢ᠃
※ ᠢᠷᠡᠯᠲᠡ᠄
ᠠᠯᠪᠠᠨ ᠵᠢᠷᠤᠮ ᠤ᠋ᠨ ᠲᠠᠪᠤᠨ ᠵᠢᠯ ᠦ᠋ᠨ ᠳᠦᠷᠢᠮᠲᠦ ᠪᠠᠭ᠎ᠠ ᠰᠤᠷᠭᠠᠭᠤᠯᠢ ᠳ᠋ᠤ᠌ ᠦᠵᠡᠬᠦ
ᠬᠡᠯᠡ ᠪᠢᠴᠢᠭ ᠳᠣᠯᠣᠳᠤᠭᠠᠷ ᠳᠡᠪᠲᠡᠷ ※
ᠥᠪᠥᠷ ᠮᠣᠩᠭᠣᠯ ᠤ᠋ᠨ ᠰᠤᠷᠭᠠᠨ ᠬᠥᠮᠦᠵᠢᠯ ᠦ᠋ᠨ ᠬᠡᠪᠯᠡᠯ ᠦ᠋ᠨ ᠬᠣᠷᠢᠶ᠎ᠠ ᠨᠠᠢᠷᠠᠭᠤᠯᠤᠨ ᠬᠡᠪᠯᠡᠭᠦᠯᠪᠡ
ᠥᠪᠥᠷ ᠮᠣᠩᠭᠣᠯ ᠤ᠋ᠨ ᠰᠢᠨᠬᠤᠸᠠ ᠨᠣᠮ ᠤ᠋ᠨ ᠳᠡᠯᠭᠡᠭᠦᠷ ᠲᠠᠷᠬᠠᠭᠠᠪᠠ
ᠥᠪᠥᠷ ᠮᠣᠩᠭᠣᠯ ᠤ᠋ᠨ ᠰᠤᠷᠭᠠᠨ ᠬᠥᠮᠦᠵᠢᠯ ᠦ᠋ᠨ ᠬᠡᠪᠯᠡᠬᠦ ᠦᠢᠯᠡᠳᠪᠦᠷᠢ ᠬᠡᠪᠯᠡᠪᠡ
1991 ᠣᠨ ᠤ᠋3 ᠰᠠᠷ᠎ᠠ ᠳ᠋ᠤ᠌ ᠠᠩᠬᠠᠳᠤᠭᠠᠷ ᠬᠡᠪ ᠢ᠋ ᠬᠢᠪᠡ
1993 ᠣᠨ ᠤ᠋4 ᠰᠠᠷ᠎ᠠ ᠳ᠋ᠤ᠌ ᠭᠤᠷᠪᠠᠳᠤᠭᠠᠷ ᠤᠳᠠᠭ᠎ᠠ ᠬᠡᠪᠯᠡᠪᠡ
ᠦᠨ᠎ᠡ᠄1.40 ᠲᠥᠭᠥᠷᠢᠭ
ᠦᠰᠦᠭ ᠠᠮᠢᠯᠠᠭᠤᠯᠤᠭᠴᠢ᠄ ᠳ· ᠣᠶᠤᠨᠴᠡᠴᠡᠭ
ᠬᠢᠨᠠᠭᠴᠢ᠄ ᠣᠳᠬᠠᠨᠰᠣ᠎ᠠ ᠂ ᠣᠳᠣᠨᠬᠤᠸᠠᠷ ᠂ ᠪᠥᠷᠢᠨᠴᠡᠴᠡᠭ
2023.7.15
