ᠠᠯᠲᠠᠨ ᠳᠡᠭᠡᠪᠦᠷ ᠲᠠᠢ ᠪᠠᠢᠰᠢᠩАлтан дээвэртэй байшин
ᠠᠯᠲᠠᠨ ᠳᠡᠭᠡᠪᠦᠷ ᠲᠠᠢ ᠪᠠᠢᠰᠢᠩ
ᠪᠢᠴᠢᠬᠠᠨ ᠦᠯᠢᠭᠡᠷᠴᠢ᠄ ᠳᠤᠯᠠᠭᠠᠨ
ᠵᠢᠯᠣᠭᠣᠳᠤᠭᠰᠠᠨ ᠪᠠᠭᠰᠢ᠄ ᠮᠥᠴᠢᠷ
ᠪᠢ ᠪᠣᠯ ᠨᠠᠢ᠍ᠮᠠᠨ ᠬᠤᠰᠢᠭᠤᠨ ᠪ ᠲᠦᠯᠡᠭᠡᠨᠲᠠᠯ᠎ᠠ ᠪᠠᠬ᠋᠎ᠠ ᠰᠤᠷᠭᠠᠭᠤᠯᠢ ᠶ᠋ᠢᠨ ᠬᠣᠶᠠᠲᠤᠭᠠᠷ ᠣᠨ ᠪ ᠰᠤᠷᠤᠭᠴᠢ ᠳᠤᠯᠠᠭᠠᠨ ᠪᠠᠶ᠋ᠢᠨ᠎ᠠ᠃ ᠪᠢ ᠲᠠ ᠨᠠᠷ ᠲᠤ ᠪᠠᠨ《ᠠᠯᠲᠠᠨ ᠳᠡᠭᠡᠪᠦᠷ ᠲᠡᠢ ᠪᠠᠢᠰᠢᠩ》ᠭᠡᠬᠦ ᠦᠯᠢᠭᠡᠷ ᠊ᠢ ᠶᠠᠷᠢᠵᠤ ᠥᠭᠭᠦᠶ᠎ᠡ᠃
ᠠᠯᠲᠠᠨ ᠳᠡᠭᠡᠪᠦᠷ ᠲᠡᠢ ᠪᠠᠢᠰᠢᠩ
ᠠᠭᠤᠲᠠᠮ ᠲᠠᠯ᠎ᠠ ᠳᠡᠭᠡᠷ᠎ᠡ ᠨᠢᠭᠡ ᠤᠯᠠᠭᠠᠨ ᠬᠠᠨ᠎ᠠ ᠲᠠᠢ᠂ ᠨᠣᠭᠣᠭᠠᠨ ᠴᠣᠩᠬᠣ ᠲᠠᠢ᠂ ᠠᠯᠲᠠᠨ ᠳᠡᠭᠡᠪᠦᠷ ᠲᠡᠢ ᠪᠠᠢᠰᠢᠩ ᠪᠠᠶ᠋ᠢᠵᠠᠢ᠃ ᠡᠨᠡ ᠪᠠᠢᠰᠢᠩ ᠳᠦ ᠨᠢᠭᠡ ᠬᠥᠭᠡᠷᠦᠬᠦᠨ ᠬᠡᠦᠬᠡᠨ ᠰᠠᠭᠤᠲᠠᠭ ᠪᠠᠶ᠋ᠢᠬᠰᠠᠨ ᠶᠤᠮ ᠭᠡᠨ᠎ᠡ᠃ ᠨᠢᠭᠡᠨ ᠡᠲᠦᠷ ᠬᠡᠦᠬᠡᠨ ᠲᠠᠯ᠎ᠠ ᠳᠡᠭᠡᠷ᠎ᠡ ᠴᠡᠴᠡᠭ ᠲᠡᠭᠦᠵᠦ ᠪᠠᠶ᠋ᠢᠲᠠᠯ᠎ᠠ ᠪᠠᠨ ᠪᠢᠴᠢᠬᠠᠨ ᠬᠤᠷᠠᠬ᠋ᠠ ᠢᠷᠡᠭᠡᠳ《ᠮᠠᠢ᠂ ᠮᠠᠢ᠂ ᠲᠠᠨ ᠪ ᠤᠯᠠᠭᠠᠨ ᠬᠠᠨ᠎ᠠ ᠲᠠᠢ᠂ ᠨᠣᠭᠣᠭᠠᠨ ᠴᠣᠩᠬᠣ ᠲᠠᠢ᠂ ᠠᠯᠲᠠᠨ ᠳᠡᠭᠡᠪᠦᠷ ᠲᠡᠢ ᠪᠠᠢᠰᠢᠩ ᠴᠢᠨᠢ ᠭᠢᠯᠠᠯᠵᠠᠩᠬᠠᠨ ᠰᠠᠶ᠋ᠢᠬᠠᠨ ᠪᠠᠶ᠋ᠢᠨ᠎ᠠ ᠳ᠋ᠠ》ᠭᠡᠳ ᠬᠡᠦᠬᠡᠨ ᠊ᠢ ᠬᠠᠪᠰᠤᠷᠴᠤ ᠴᠡᠴᠡᠭ ᠲᠡᠭᠦᠵᠦ ᠡᠬᠢᠯᠡᠵᠡᠢ᠃ ᠳᠠᠷᠠᠬ᠋᠎ᠠ ᠨᠢ ᠪᠢᠴᠢᠬᠠᠨ ᠭᠥᠯᠥᠭᠡ ᠢᠷᠡᠭᠡᠳ《ᠬᠥᠪ ᠬᠥᠪ ᠬᠥᠪ᠂ ᠬᠥᠪ ᠬᠥᠪ ᠬᠥᠪ· ᠲᠠᠨ ᠪ ᠤᠯᠠᠭᠠᠨ ᠬᠠᠨ᠎ᠠ ᠲᠠᠢ᠂ ᠨᠣᠭᠣᠭᠠᠨ ᠴᠣᠩᠬᠣ ᠲᠠᠢ᠂ ᠠᠯᠲᠠᠨ ᠳᠡᠭᠡᠪᠦᠷ ᠲᠡᠢ ᠪᠠᠢᠰᠢᠩ ᠴᠢᠨᠢ ᠭᠢᠯᠠᠯᠵᠠᠩᠬᠠᠨ ᠰᠠᠶ᠋ᠢᠬᠠᠨ ᠪᠠᠶ᠋ᠢᠨ᠎ᠠ ᠳ᠋ᠡ》ᠭᠡᠳ ᠬᠡᠦᠬᠡᠨ ᠊ᠢ ᠬᠠᠪᠰᠤᠷᠴᠤ ᠴᠡᠴᠡᠭ ᠲᠡᠭᠦᠵᠦ ᠡᠬᠢᠯᠡᠪᠡ᠃ ᠳᠠᠷᠠᠬ᠋᠎ᠠ ᠨᠢ ᠪᠢᠴᠢᠬᠠᠨ ᠰᠢᠪᠠᠭᠤ ᠢᠷᠡᠭᠡᠳ᠄《ᠵᠢᠷ ᠵᠢᠷ ᠵᠢᠷ᠂ ᠵᠢᠷ ᠵᠢᠷ ᠵᠢᠷ᠂ ᠲᠠᠨ ᠪ ᠤᠯᠠᠭᠠᠨ ᠬᠠᠨ᠎ᠠ ᠲᠠᠢ᠂ ᠨᠣᠭᠣᠭᠠᠨ ᠴᠣᠩᠬᠣ ᠲᠠᠢ᠂ ᠠᠯᠲᠠᠨ ᠳᠡᠭᠡᠪᠦᠷ ᠲᠡᠢ ᠪᠠᠢᠰᠢᠩ ᠴᠢᠨᠢ ᠭᠢᠯᠠᠯᠵᠠᠩᠬᠠᠨ ᠰᠠᠶ᠋ᠢᠬᠠᠨ ᠪᠠᠶ᠋ᠢᠨ᠎ᠠ ᠳ᠋ᠠ》ᠭᠡᠳ ᠮᠥᠨ ᠯᠡ ᠬᠡᠦᠬᠡᠨ ᠊ᠢ ᠬᠠᠪᠰᠤᠷᠴᠤ ᠴᠡᠴᠡᠭ ᠲᠡᠭᠦᠵᠦ ᠡᠬᠢᠯᠡᠪᠡ᠃ ᠬᠡᠲᠦᠭᠦᠯᠡ ᠪᠡᠨ ᠴᠡᠴᠡᠭ ᠶ᠋ᠢᠡᠨ ᠲᠡᠭᠦᠵᠦ ᠪᠠᠷᠠᠭᠠᠳ ᠬᠡᠦᠬᠡᠨ ᠊ᠢ ᠬᠠᠪᠰᠤᠷᠴᠤ ᠭᠡᠷ ᠲᠦ ᠨᠢ ᠬᠦᠷᠭᠡᠭᠡᠳ ᠪᠢᠴᠢᠬᠠᠨ ᠬᠤᠷᠠᠬ᠋ᠠ᠄《ᠮᠠᠢ᠂ ᠮᠠᠢ᠂ ᠪᠢ ᠲᠠᠨ ᠪ ᠤᠯᠠᠭᠠᠨ ᠬᠠᠨ᠎ᠠ ᠲᠠᠢ᠂ ᠨᠣᠭᠣᠭᠠᠨ ᠴᠣᠩᠬᠣ ᠲᠠᠢ᠂ ᠠᠯᠲᠠᠨ ᠳᠡᠭᠡᠪᠦᠷ ᠲᠡᠢ ᠪᠠᠢᠰᠢᠩ ᠳᠦ ᠴᠢᠨᠢ ᠣᠷᠣᠭᠠᠳ ᠬᠠᠮᠲᠤ ᠲᠣᠭᠯᠠᠵᠤ ᠪᠣᠯᠤᠨ᠎ᠠ ᠦᠦ?》ᠭᠡᠰᠡᠨ ᠳᠦ ᠬᠡᠦᠬᠡᠨ᠄《ᠪᠣᠯᠬᠤ ᠦᠭᠡᠢ᠂ ᠪᠣᠯᠬᠤ ᠦᠭᠡᠢ᠃ ᠴᠢ ᠡᠲᠦᠷᠵᠢᠨ ᠫᠢᠯᠲᠠᠭ ᠫᠢᠯᠲᠠᠭ ᠭᠡᠵᠦ ᠠᠯᠬᠤᠭᠠᠳ ᠮᠢᠨᠦ ᠱᠠᠯᠠ ᠶ᠋ᠢ ᠪᠦᠷ ᠪᠤᠵᠠᠷ ᠪᠣᠯᠭᠠᠴᠢᠬᠠᠨ᠎ᠠ᠂ ᠪᠣᠯᠬᠤ ᠦᠭᠡᠢ》 ᠭᠡᠳ ᠣᠷᠣᠭᠤᠯᠤᠭᠰᠠᠨ ᠦᠭᠡᠢ ᠪᠠᠶ᠋ᠢᠵᠠᠢ᠃ ᠳᠠᠷᠠᠬ᠋᠎ᠠ ᠨᠢ ᠪᠢᠴᠢᠬᠠᠨ ᠭᠥᠯᠥᠭᠡ᠄《ᠬᠥᠪ ᠬᠥᠪ ᠬᠥᠪ᠂ ᠬᠥᠪ ᠬᠥᠪ ᠬᠥᠪ᠂ ᠪᠢ ᠲᠠᠨ ᠪ ᠤᠯᠠᠭᠠᠨ ᠬᠠᠨ᠎ᠠ ᠲᠠᠢ᠂ ᠨᠣᠭᠣᠭᠠᠨ ᠴᠣᠩᠬᠣ ᠲᠠᠢ᠂ ᠠᠯᠲᠠᠨ ᠳᠡᠭᠡᠪᠦᠷ ᠲᠡᠢ ᠪᠠᠢᠰᠢᠩ ᠳᠦ ᠴᠢᠨᠢ ᠣᠷᠣᠭᠠᠳ ᠬᠠᠮᠲᠤ ᠲᠣᠭᠯᠠᠵᠤ ᠪᠣᠯᠤᠨ᠎ᠠ ᠦᠦ?》 ᠭᠡᠰᠡᠨ ᠳᠦ ᠬᠡᠦᠬᠡᠨ᠄《ᠪᠣᠯᠬᠤ ᠦᠭᠡᠢ᠂ ᠪᠣᠯᠬᠤ ᠦᠭᠡᠢ᠃ ᠴᠢ ᠡᠲᠦᠷᠵᠢᠨ ᠬᠥᠪ ᠬᠥᠪ ᠭᠡᠵᠦ ᠬᠤᠴᠠᠭᠠᠳ ᠨᠠᠳᠠ ᠶ᠋ᠢ ᠪᠦᠷ ᠠᠮᠤᠷ ᠰᠠᠶ᠋ᠢᠬᠠᠨ ᠠᠮᠠᠷᠠᠭᠤᠯᠬᠤ ᠦᠭᠡᠢ ᠪᠣᠯᠴᠢᠬᠠᠨ᠎ᠠ᠂ ᠪᠣᠯᠬᠤ ᠦᠭᠡᠢ》ᠭᠡᠳ ᠨᠢᠭᠡ ᠴᠦ᠍ ᠣᠷᠣᠭᠤᠯᠤᠭᠰᠠᠨ ᠦᠭᠡᠢ ᠪᠠᠶ᠋ᠢᠵᠠᠢ᠃ ᠳᠠᠷᠠᠬ᠋᠎ᠠ ᠨᠢ ᠪᠢᠴᠢᠬᠠᠨ ᠰᠢᠪᠠᠭᠤ᠄《ᠵᠢᠷ ᠵᠢᠷ ᠵᠢᠷ᠂ ᠵᠢᠷ ᠵᠢᠷ ᠵᠢᠷ᠂ ᠪᠢ ᠲᠠᠨ ᠪ ᠤᠯᠠᠭᠠᠨ ᠬᠠᠨ᠎ᠠ ᠲᠠᠢ᠂ ᠨᠣᠭᠣᠭᠠᠨ ᠴᠣᠩᠬᠣ ᠲᠠᠢ᠂ ᠠᠯᠲᠠᠨ ᠳᠡᠭᠡᠪᠦᠷ ᠲᠡᠢ ᠪᠠᠢᠰᠢᠩ ᠳᠦ ᠴᠢᠨᠢ ᠣᠷᠣᠭᠠᠳ ᠬᠠᠮᠲᠤ ᠲᠣᠭᠯᠠᠵᠤ ᠪᠣᠯᠤᠨ᠎ᠠ ᠦᠦ?》ᠭᠡᠰᠡᠨ ᠳᠦ ᠬᠡᠦᠬᠡᠨ᠄《ᠪᠣᠯᠬᠤ ᠦᠭᠡᠢ᠂ ᠪᠣᠯᠬᠤ ᠦᠭᠡᠢ᠂ ᠴᠢ ᠡᠲᠦᠷᠵᠢᠨ ᠨᠢᠰᠴᠦ ᠳᠡᠷᠪᠡᠭᠡᠳ ᠮᠢᠨᠦ ᠶᠠᠭᠤᠮ᠎ᠠ ᠬᠡᠦᠮ᠎ᠡ ᠶ᠋ᠢ ᠪᠦᠷ ᠡᠷᠦᠢ ᠬᠤᠷᠤᠢ ᠦᠭᠡᠢ ᠪᠣᠯᠭᠠᠴᠢᠬᠠᠨ᠎ᠠ᠂ ᠪᠣᠯᠬᠤ ᠦᠭᠡᠢ》 ᠭᠡᠳ ᠮᠥᠨ ᠯᠡ ᠣᠷᠣᠭᠤᠯᠤᠭᠰᠠᠨ ᠦᠭᠡᠢ᠃ ᠬᠡᠦᠬᠡᠨ ᠨᠠᠶ᠋ᠢᠵᠠ ᠨᠠᠷ ᠶ᠋ᠢᠠᠨ ᠪᠦᠷ ᠣᠷᠣᠭᠤᠯᠤᠭᠰᠠᠨ ᠦᠭᠡᠢ᠂ ᠭᠠᠭᠴᠠᠭᠠᠷ ᠶ᠋ᠢᠠᠨ ᠭᠡᠷ ᠲᠤ ᠪᠡᠨ ᠣᠷᠣᠴᠢᠬᠠᠭᠠᠳ ᠳᠠᠭᠤᠯᠠᠵᠤ ᠦᠵᠡᠯ᠎ᠡ᠂ ᠪᠥᠵᠢᠭ᠌ᠯᠡᠵᠦ ᠦᠵᠡᠯ᠎ᠡ᠃ ᠬᠠᠢ᠂ ᠪᠦᠷ ᠤᠶ᠋ᠢᠤᠠᠬᠠᠷ ᠲᠠᠢ ᠰᠠᠨᠠᠭᠲᠠᠵᠠᠢ᠃ ᠴᠣᠩᠬᠣ ᠪᠠᠷ ᠶ᠋ᠢᠠᠨ ᠬᠠᠷᠠᠵᠤ ᠦᠵᠡᠭᠰᠡᠨ ᠂ ᠨᠠᠶ᠋ᠢᠵᠠ ᠨᠥᠬᠥᠳ ᠨᠢ ᠬᠣ᠋ (ᠪᠦᠷ )ᠠᠵᠠ ᠵᠢᠷᠭᠠᠯ ᠲᠠᠢ ᠲᠣᠭᠯᠠᠵᠤ ᠨᠠᠭᠠᠤᠠᠴᠤ ᠪᠠᠶ᠋ᠢᠪᠠ᠃ ᠬᠡᠦᠬᠡᠨ ᠊ᠢ ᠣᠯᠵᠤ ᠦᠵᠡᠭᠰᠡᠨ ᠨᠠᠶ᠋ᠢᠵᠠ ᠨᠠᠷ ᠄《ᠬᠥᠶᠢ᠂ᠬᠦᠤᠱ᠂ ᠭᠠᠷᠤᠭᠠᠳ ᠢᠷ᠎ᠡ᠃ ᠬᠠᠮᠲᠤ ᠲᠣᠭᠯᠠᠶ᠎ᠠ》 ᠭᠡᠰᠡᠨ ᠳᠤ ᠬᠡᠦᠬᠡᠨ ᠡᠭᠦᠲᠡᠨ ᠡᠮᠦᠨᠡᠲᠡᠢ ᠪᠡᠨ ᠲᠣᠯᠣᠭᠠᠢ ᠪᠠᠨ ᠮᠠᠭᠠᠵᠢᠭᠠᠳ᠄《ᠬᠡ ᠬᠡ᠁ ᠭᠡᠷ ᠲᠤ ᠣᠷᠣᠭᠠᠳ ᠬᠠᠮᠲᠤ ᠲᠣᠭᠯᠠᠶ᠎ᠠ》 ᠭᠡᠳ ᠭᠡᠷ ᠲᠤ ᠪᠡᠨ ᠬᠠᠮᠲᠤ ᠲᠣᠭᠯᠠᠵᠠᠭᠠᠵᠠᠢ᠃ ᠢᠩᠭᠢᠭᠡᠳ ᠤᠯᠠᠭᠠᠨ ᠬᠠᠨ᠎ᠠ ᠲᠠᠢ᠂ ᠨᠣᠭᠣᠭᠠᠨ ᠴᠣᠩᠬᠣ ᠲᠠᠢ᠂ ᠠᠯᠲᠠᠨ ᠳᠡᠭᠡᠪᠦᠷ ᠲᠡᠢ ᠪᠠᠢᠰᠢᠩ ᠳᠤ ᠪᠠᠨ ᠬᠠᠮᠲᠤ ᠠᠵᠠ ᠵᠢᠷᠭᠠᠯ ᠲᠠᠢ ᠲᠣᠭᠯᠠᠵᠤ ᠨᠠᠭᠠᠤᠠᠴᠤ ᠡᠬᠢᠯᠡᠪᠡ᠃
ᠦᠰᠦᠭ ᠠᠮᠢᠯᠠᠭᠤᠯᠤᠭᠰᠠᠨ ᠨᠢ ᠄ᠮᠥᠴᠢᠷ
ᠦᠰᠦᠭ ᠬᠠᠲᠠᠭᠰᠠᠨ ᠨᠢ ᠄ ᠭᠠᠸᠠ
ᠬᠢᠨᠠᠭᠴᠢ ᠪᠠᠭᠰᠢ ᠄ ᠮᠥᠴᠢᠷ
