5-11ᠲᠣᠪᠳᠠᠨᠨᠢᠮ᠎ᠠ ᠶ᠋ᠢᠨ ᠡᠮᠴᠢᠯᠡᠭᠡᠨ ᠦ᠌ ᠵᠣᠷ ᠵᠠᠰᠠᠯ- ᠭᠡᠰᠡᠭ ᠪᠣᠰᠤᠬ ᠡᠪᠡᠳᠴᠢᠨ ᠢ ᠵᠠᠰᠠᠬᠤ
ᠭᠡᠰᠡᠭ ᠪᠣᠰᠤᠬ ᠡᠪᠡᠳᠴᠢᠨ ᠢ ᠵᠠᠰᠠᠬᠤ
ᠠᠷᠪᠠᠨ ᠨᠢᠭᠡ᠂ ᠭᠡᠰᠡᠭ ᠪᠣᠰᠤᠬ ᠡᠪᠡᠳᠴᠢᠨ ᠢ ᠵᠠᠰᠠᠬᠤ
ᠲᠠᠯ᠎ᠠ ᠲᠣᠯᠣᠭᠠᠢ ᠡᠪᠡᠳᠪᠡᠰᠦ ᠫᠤᠸᠠᠷᠢ᠂ ᠪᠤᠷᠠᠮ ᠬᠣᠶᠠᠷ ᠢ ᠠᠷᠢᠬᠢᠨ ᠳ᠋ᠤᠷ ᠨᠠᠢᠷᠠᠭᠤᠯᠤᠬᠰᠠᠨ ᠬᠠᠮᠠᠷ ᠤᠨ ᠡᠮ ᠢ ᠥᠭᠪᠡᠰᠦ ᠳᠤᠰᠠᠲᠠᠢ᠃ ᠡᠰᠡᠪᠡᠰᠦ ᠮᠦᠽᠢ᠂ ᠶᠸᠷᠮ᠎ᠡ ᠬᠣᠶᠠᠷ ᠢ ᠬᠣᠪᠢ ᠲᠡᠭᠰᠢ ᠥᠪᠡᠷ ᠦᠨ ᠰᠢᠯᠦᠰᠦ ᠪᠡᠷ ᠨᠣᠬᠣᠵᠤ᠂ ᠠᠯᠢ ᠡᠪᠡᠳᠦᠭᠰᠡᠨ ᠲᠠᠯ᠎ᠠ ᠶᠢᠨ ᠬᠠᠮᠠᠷ ᠢᠶᠠᠨ ᠪᠥᠭᠯᠡᠪᠡᠯ ᠲᠠᠯ᠎ᠠ ᠲᠣᠯᠣᠭᠠᠢ ᠶᠢᠨ ᠡᠪᠡᠳᠴᠢᠨ ᠳᠦ ᠳᠤᠰᠠᠯᠠᠨ᠎ᠠ᠃ ᠲᠣᠯᠣᠭᠠᠢ ᠮᠠᠰᠢ ᠬᠠᠳᠬᠤᠯᠠᠪᠠᠰᠤ ᠠᠷᠤᠷ᠎ᠠ᠂ ᠳ᠋ᠢᠭᠳᠡ ᠺᠠᠷᠤᠼᠤᠸᠠ ᠶᠢ ᠰᠠᠢᠲᠤᠷ ᠨᠤᠬᠤᠵᠤ ᠪᠠᠭ᠎ᠠ ᠬᠡᠮ ᠢᠶᠡᠷ ᠥᠭᠪᠡᠰᠦ ᠠᠮᠤᠷᠯᠢᠨᠠ᠃ ᠨᠢᠳᠦᠨ ᠥᠭᠡᠬᠦ ᠤᠯᠠᠭᠠᠨ ᠪᠣᠯᠪᠠᠰᠤ ᠰᠸᠪᠤᠢ᠍ᠷᠦ ᠶᠢᠨ ᠰᠢᠭᠦᠰᠦ ᠶᠢ ᠳᠤᠰᠤᠭᠠᠪᠠᠰᠤ ᠠᠷᠢᠯᠭᠠᠨ᠎ᠠ᠃ ᠪᠣᠷᠣ ᠳ᠋ᠦ᠋ᠩᠽᠢ᠂ ᠭᠠᠩᠭᠠᠴᠤᠢ᠍ᠩ ᠢ ᠨᠠᠢᠷᠠᠭᠤᠯᠵᠤ ᠲᠥᠷᠬᠢᠪᠡᠰᠦ ᠨᠢᠳᠦᠨ ᠡᠪᠡᠳᠴᠢᠨ ᠳᠦ ᠳᠤᠰᠠᠯᠠᠮᠤᠢ᠃ ᠵᠠᠭᠠᠲᠤᠨᠠᠬᠤ ᠳᠤ ᠬᠠᠯᠲᠠᠷ ᠦᠬᠡᠷ ᠦᠨ ᠰᠢᠯᠦᠰᠦ ᠶᠢ ᠳᠠᠬᠢᠨ ᠳᠠᠬᠢᠨ ᠰᠦᠷᠴᠢᠪᠡᠰᠦ ᠳᠤᠰᠠᠲᠠᠢ᠃ ᠷᠦᠳᠠ ᠶᠢ ᠯᠤᠤᠪᠠᠩ ᠤᠨ ᠰᠢᠭᠦᠰᠦ ᠯᠤᠭᠡ ᠨᠠᠢᠷᠠᠭᠤᠯᠵᠤ ᠴᠢᠬᠢᠨ ᠳᠦ ᠳᠤᠰᠤᠭᠠᠪᠠᠰᠤ ᠳᠦᠯᠡᠢ ᠶᠢ ᠨᠡᠭᠡᠭᠡᠮᠤᠢ᠃ ᠡᠰᠡᠪᠡᠰᠦ ᠵᠠᠷᠠᠭ᠎ᠠ᠂ ᠬᠤᠯᠤᠭᠠᠨ᠎ᠠ ᠶᠢᠨ ᠰᠢᠭᠡᠰᠦ ᠶᠢ ᠴᠢᠬᠢᠨ ᠳᠦ ᠳᠤᠰᠤᠭᠠᠪᠠᠰᠤ ᠴᠢᠬᠢ ᠶᠢ ᠨᠡᠭᠡᠭᠡᠨ ᠦᠢᠯᠡᠳᠦᠮᠦᠢ᠃ ᠳᠠᠭᠤᠲᠠᠢ ᠴᠢᠬᠢᠨ ᠳᠦᠯᠡᠢ ᠳᠦ ᠴᠠᠭᠠᠨ ᠰᠠᠷᠢᠮᠰᠠᠭ ᠢ ᠭᠠᠯ ᠤᠨ ᠪᠣᠷᠮᠠᠨ ᠳᠤ ᠵᠥᠭᠡᠯᠡᠨ ᠲᠦᠯᠡᠵᠦ ᠰᠢᠬᠠᠬᠰᠠᠨ ᠰᠢᠭᠦᠰᠦ ᠶᠢ ᠠᠯᠢ ᠡᠪᠡᠳᠦᠭᠰᠡᠨ ᠴᠢᠬᠢᠨ ᠳᠦ ᠳᠤᠰᠤᠭᠠᠪᠠᠰᠤ ᠳᠤᠰᠠᠲᠠᠢ᠃ ᠬᠠᠮᠠᠷ ᠠᠴᠠ ᠴᠢᠰᠤ ᠭᠠᠷᠪᠠᠯ ᠳᠣᠯᠣᠭᠠᠨ ᠬᠦᠮᠦᠨ ᠦ ᠰᠦᠷᠡᠯ ᠢ ᠨᠢᠭᠡᠨ ᠴᠢᠮᠡᠬᠢ ᠠᠪᠴᠤ ᠲᠦᠯᠡᠭᠰᠡᠨ ᠬᠢᠷᠪᠦᠰᠦ ᠪᠡᠷ ᠤᠲᠤᠪᠠᠯ ᠳᠠᠷᠤᠢ ᠠᠷᠢᠯᠣᠮᠣᠢ᠃ ᠡᠰᠡᠪᠡᠰᠦ ᠥᠪᠡᠷ ᠦᠨ ᠬᠠᠮᠠᠷ ᠤᠨ ᠴᠢᠰᠤ ᠶᠢ ᠬᠠᠲᠠᠭᠠᠬᠰᠠᠨ ᠳᠤ ᠭᠦᠷᠭᠦᠮ᠂ ᠳ᠋ᠣᠮᠷᡁᠢ᠂ ᠲᠠᠷᠢᠶᠠᠨ ᠬᠥ᠂ ᠰᠢᠩᠼᠠ ᠶᠢ ᠨᠠᠢᠷᠠᠭᠤᠯᠵᠤ ᠥᠭᠪᠡᠯ ᠬᠠᠮᠠᠷ ᠤᠨ ᠴᠢᠰᠤ ᠶᠢ ᠳᠠᠰᠤᠯᠤᠨ᠎ᠠ᠃ ᠤᠯᠠᠨ ᠨᠠᠢᠲᠠᠭᠠᠵᠤ ᠬᠠᠮᠠᠷ ᠠᠴᠠ ᠤᠰᠤ ᠴᠣᠪᠤᠷᠠᠬᠤ ᠳᠤ ᠬᠦᠬᠡ ᠶᠣᠷᠣᠬ ᠢᠶᠠᠷ ᠤᠲᠤᠪᠠᠰᠤ ᠳᠤᠰᠠᠯᠠᠨ᠎ᠠ᠃ ᠬᠠᠮᠠᠷ ᠤᠨ ᠬᠠᠨᠢᠶᠠᠳᠤᠨ ᠳᠤ ᠡᠯᠳᠡᠪ ᠦᠷᠡᠰ ᠢ ᠬᠠᠭᠤᠷᠴᠤ ᠤᠲᠤᠭᠤᠯ᠃ ᠬᠢᠮᠤᠰᠤ᠂ ᠮᠢᠬᠠᠨ ᠵᠠᠪᠰᠠᠷ( ᠬᠢᠮᠤᠰᠤᠨ ᠵᠠᠪᠰᠠᠷ ᠬᠠᠨᠵᠠᠷᠠᠬᠤ)᠂ ᠬᠦᠢᠰᠦᠨ ᠨᠦᠬᠡ ᠬᠢᠭᠡᠳ ᠠᠮᠠ ᠬᠠᠭᠠᠷᠠᠪᠠᠰᠤ ᠣᠷᠣᠢ ᠳᠤ ᠳᠣᠰᠤ ᠲᠦᠷᠬᠢᠪᠡᠰᠦ ᠳᠤᠰᠠᠯᠠᠨ᠎ᠠ᠃ ᠡᠰᠡᠪᠡᠰᠦ ᠤᠷᠤᠭᠤᠯ ᠳᠤ ᠶᠡᠬᠡ ᠥᠬᠡᠬᠦ ᠲᠦᠷᠬᠢ᠃ ᠠᠮᠠᠨ ᠳᠤ ᠨᠢᠳᠦᠲᠦ ᠶᠠᠷ᠎ᠠ ᠭᠠᠷᠪᠠᠯ ᠪᠠᠢᠪᠠᠩ ᠤᠨ ᠦᠨᠡᠰᠦ ᠲᠠᠯᠪᠢᠪᠠᠯ ᠮᠠᠭᠠᠳ ᠳᠤᠰᠠᠲᠠᠢ᠃ ᠰᠢᠳᠦ ᠬᠥᠳᠡᠯᠪᠡᠰᠦ᠄ ᠥᠪᠡᠷ ᠦᠨ ᠰᠢᠭᠡᠰᠦ ᠪᠤᠶᠤ ᠤᠬᠢᠶᠠᠯ ᠤᠨ ᠤᠰᠤ ᠪᠠᠷ ᠵᠠᠢᠯᠪᠠᠰᠤ ᠪᠠᠲᠤ ᠴᠢᠬᠢᠷᠠᠬ ᠪᠣᠯᠤᠮᠤᠢ᠃ ᠬᠡᠯᠡᠨ ᠳᠦ ᠶᠠᠷ᠎ᠠ ᠭᠠᠷᠪᠠᠯ ᠬᠠᠴᠸ ᠭᠦᠷᠭᠦᠮ ᠢ ᠰᠢᠬᠢᠷ ᠲᠡᠢ ᠨᠠᠢᠷᠠᠭᠤᠯᠵᠤ ᠲᠦᠷᠬᠢᠪᠡᠰᠦ ᠳᠤᠰᠠᠲᠠᠢ᠃ ᠬᠡᠯᠡ ᠬᠠᠪᠤᠳᠪᠠᠯ ᠴᠢᠨᠣ᠎ᠠ ᠶᠢᠨ ᠬᠡᠯᠡ ᠨᠠᠭᠠᠪᠠᠰᠤ ᠳᠤᠰᠠᠲᠠᠢ᠃ ᠠᠮᠠᠨ ᠠᠴᠠ ᠴᠢᠰᠤ ᠶᠡᠬᠡ ᠭᠠᠷᠪᠠᠰᠤ ᠥᠪᠡᠷ ᠦᠨ ᠨᠢᠭᠤᠴᠠ ᠦᠰᠦ※ ᠶᠢ ᠪᠤᠷᠴᠠᠭ ᠤᠨ ᠲᠡᠳᠦᠢ ᠵᠢᠷᠭᠤᠭ᠎ᠠ᠂ ᠳᠣᠯᠣᠭ᠎ᠠ ᠪᠥᠭᠡᠮᠨᠡᠵᠦ ᠤᠰᠤ ᠪᠠᠷ ᠲᠠᠷᠤᠭᠤᠯᠪᠠᠯ ᠳᠤᠰᠠᠯᠠᠨ᠎ᠠ᠃ ᠡᠰᠡᠪᠡᠰᠦ ᠲᠣᠭᠣᠰ ᠤᠨ ᠥᠳᠥᠨ ᠬᠢᠷᠪᠦᠰᠦ ᠶᠢ ᠬᠦᠢᠲᠡᠨ ᠤᠰᠤ ᠪᠠᠷ ᠳᠠᠷᠤᠭᠤᠯᠪᠠᠯ ᠲᠦᠷᠭᠡᠨ ᠳᠤᠰᠠᠯᠠᠨ᠎ᠠ᠃ ᠡᠷᠯᠢᠭ ᠦᠨ ᠴᠡᠯᠮ᠎ᠡ※ ᠯᠤᠭ᠎ᠠ ᠰᠠᠴᠠᠭᠤ ᠬᠣᠭᠣᠯᠠᠢ ᠬᠠᠭᠠᠬᠳᠠᠬᠤ ᠡᠪᠡᠳᠴᠢᠨ ᠳᠦ ᠰᠠᠢᠨ ᠵᠢᠭᠠᠷ ᠢ ᠦᠨᠢᠶᠡᠨ ᠦ ᠷᠠᠰᠢᠶᠠᠨ ᠢᠶᠠᠷ ᠥᠭᠪᠡᠯ ᠳᠤᠰᠠᠲᠠᠢ᠃ ᠡᠰᠡᠬᠦᠯ᠎ᠡ ᠬᠠᠷ᠎ᠠ ᠱᠦᠳᠠᠬ ᠢ ᠬᠣᠨᠢᠨ ᠷᠠᠰᠢᠶᠠᠨ ᠢᠶᠠᠷ ᠳᠠᠷᠤᠭᠤᠯᠵᠤ ᠥᠭᠪᠡᠯ ᠳᠤᠰᠠᠲᠠᠢ᠃ ᠠᠭᠤᠰᠬᠢᠨ ᠡᠪᠡᠳᠴᠢᠨ ᠮᠠᠰᠢ ᠭᠦᠴᠦᠲᠡᠢ ᠪᠣᠯ ᠬᠠᠴᠸ ᠭᠦᠷᠭᠦᠮ᠂ ᠯᠢᠰᠢ᠂ ᠮᠠᠭ᠎ᠠ᠂ ᠨᠢᠰᠢᠩ᠂ ᠰᠢᠩ ᠠᠷ᠂ ᠫᠤᠸᠠᠷᠢ᠂ ᠰᠸᠪᠤᠢ᠍ᠷᠦ ᠶᠢᠨ ᠬᠠᠯᠢᠰᠤ ᠬᠣᠪᠢ ᠲᠡᠭᠰᠢ ᠶᠢ ᠰᠠᠢᠲᠤᠷ ᠨᠤᠬᠤᠵᠤ ᠪᠤᠴᠠᠯᠤᠬᠰᠠᠨ ᠤᠰᠤ ᠪᠠᠷ ᠳᠠᠷᠤᠭᠤᠯᠪᠠᠰᠤ ᠰᠠᠢᠨ᠃ ᠰᠢᠷ᠎ᠠ ᠶᠢᠨ ᠡᠪᠡᠳᠴᠢᠨ ᠢᠶᠡᠷ ᠮᠢᠬ᠎ᠠ᠂ ᠨᠢᠳᠦ ᠰᠢᠷᠠᠯᠠᠬᠤ ᠳᠤ ᠯᠢᠰᠢ᠂ ᠴᠠᠭᠠᠨ ᠬᠦᠬᠡ ᠶᠣᠷᠣᠬ ᠤᠨ ᠬᠠᠮᠠᠷ ᠤᠨ ᠡᠮ ᠢ ᠥᠭ᠃ ᠳᠣᠲᠣᠷ᠎ᠠ ᠠᠴᠠ ᠥᠴᠥᠬᠡᠨ ᠵᠢᠭᠠᠰᠤ ᠶᠢ ᠠᠮᠢᠳᠤ ᠪᠠᠷ ᠥᠭ᠃ ᠬᠥᠢᠰᠦᠨ ᠨᠦᠬᠡᠨ ᠳ᠋ᠤ᠌ ᠰᠢᠷ᠎ᠠ ᠴᠠᠭᠠᠰᠤ ᠶᠢ ᠣᠷᠢᠶᠠᠨ ᠰᠢᠳᠠᠭᠠᠵᠤ ᠬᠠᠳᠬᠤᠪᠠᠯ ᠡᠪᠡᠳᠴᠢᠨ ᠡᠴᠡ ᠭᠡᠲᠦᠯᠬᠦ ᠳᠦ ᠰᠡᠵᠢᠭ ᠦᠭᠡᠢ᠃ ᠲᠡᠮᠡᠭᠡᠨ ᠰᠦ ᠶᠢ ᠦᠷᠭᠦᠯᠵᠢ ᠰᠢᠲᠦᠪᠡᠰᠦ ᠬᠠᠯᠠᠭᠤᠨ ᠬᠦᠢᠳᠡᠨ ᠤᠰᠤ ᠬᠤᠷᠠᠬᠰᠠᠨ ᠪᠦᠬᠦᠨ᠎ᠡ ᠳᠤᠰᠠᠲᠠᠢ᠃ ᠦᠰᠦ᠋ ᠶᠢᠨ ᠨᠠᠪᠴᠢ ᠪᠠᠷ ᠵᠢᠩᠨᠡᠪᠡᠰᠦ ᠳᠤᠰᠠᠲᠠᠢ᠃ ᠳ᠋ᠠᠯᠢ᠂ ᠰᠸᠪᠤᠢ᠍ᠷᠦ᠂ ᠰᠢᠩ ᠠᠷ᠂ ᠵᠠᠬᠴᠸ᠂ ᠰᠢᠷ᠎ᠠ ᠰᠢᠪᠠᠭᠤᠨ ᠤ ᠵᠢᠭᠦᠷ ᠦᠨ ᠦᠨᠡᠰᠦ ᠨᠤᠭᠦᠳ ᠢᠶᠡᠷ ᠴᠠᠢᠪᠣᠷ ᠬᠠᠪᠣᠩ᠂ ᠰᠤᠪᠠᠬ ᠬᠠᠪᠣᠩ ᠢ ᠬᠣᠴᠣᠷᠣᠯ ᠦᠭᠡᠢ ᠠᠷᠢᠯᠭᠠᠨ᠎ᠠ᠃ ᠭᠢᠲᠠᠳ ᠡᠪᠡᠳᠴᠢᠨ ᠪᠠ ᠶᠤ᠌ ᠽᠠ ᠪᠣᠶᠤ ᠪᠠᠢᠽᠠ ᠭᠡᠮᠡᠨ ᠴᠡᠴᠡᠷᠡᠬᠦ ᠡᠪᠡᠳᠴᠢᠨ ᠳᠦ ᠰᠢᠩ ᠠᠷ᠂ ᠲᠠᠷᠠᠮ᠂ ᠦᠨᠳᠦᠷ ᠭᠠᠵᠠᠷ ᠤᠷᠭᠤᠬᠰᠠᠨ ᠭᠦᠷᠮᠦᠩ ᠭᠤᠷᠪᠠ ᠶᠢᠨ ᠲᠠᠩ ᠢ ᠬᠡᠳᠦᠨᠳᠡ ᠥᠭᠪᠡᠰᠦ ᠳᠤᠰᠠᠯᠠᠬᠤ ᠶᠢ ᠲᠤᠷᠰᠢᠯᠭ᠎ᠠ ᠠᠴᠠ ᠪᠦᠲᠦᠭᠰᠡᠨ ᠶᠤᠮ᠃ ᠬᠠᠷ᠎ᠠ ᠰᠠᠢᠷᠠ᠂ ᠲᠠᠪᠤᠨ ᠬᠠᠯᠠᠭᠤᠨ᠂ ᠵᠠᠮᠽᠠ᠂ ᠰᠢᠩᠭᠦᠨ ᠢᠶᠡᠷ ᠪᠡᠳᠡᠬᠢ ᠶᠢᠨ ᠵᠦᠢᠯ ᠢ ᠠᠷᠢᠯᠭᠠᠨ᠎ᠠ᠃ ᠮᠣᠭᠠᠢ ᠶᠢᠨ ᠠᠷᠠᠰᠤᠨ ᠦᠨᠡᠰᠦ ᠶᠢ ᠨᠢᠳᠦᠨ ᠳᠦ ᠲᠦᠷᠬᠢᠪᠡᠰᠦ ᠨᠢᠳᠦᠨ ᠡᠪᠡᠳᠴᠢᠨ ᠢ ᠠᠷᠢᠯᠭᠠᠨ᠎ᠠ᠃ ᠮᠣᠭᠠᠢ ᠶᠢᠨ ᠬᠠᠯᠢᠰᠤ ᠶᠢ ᠰᠦᠨ ᠳᠦ ᠨᠠᠢᠷᠠᠭᠤᠯᠵᠤ ᠠᠮᠠ ᠳᠦᠭᠦᠷᠡᠩ ᠵᠠᠢᠯᠪᠠᠯ ᠰᠢᠳᠦᠨ ᠡᠪᠡᠳᠴᠢᠨ ᠢ ᠬᠣᠴᠣᠷᠣᠯ ᠦᠭᠡᠢ ᠠᠷᠢᠯᠭᠠᠨ᠎ᠠ᠃ ᠮᠣᠭᠠᠢ ᠶᠢᠨ ᠬᠠᠯᠢᠰᠤ ᠶᠢ ᠰᠠᠢᠲᠤᠷ ᠨᠤᠬᠤᠵᠤ ᠲᠠᠷᠠᠬ ᠤᠨ ᠰᠢᠭᠥᠰᠦ ᠪᠡᠷ ᠵᠢᠭᠤᠷᠡᠵᠤ ᠬᠣᠷᠭᠣᠯ ᠤᠨ ᠲᠡᠳᠦᠢ ᠮᠦᠬᠦᠯᠢᠭᠳᠡᠭᠡᠳ ᠳᠣᠲᠣᠷ᠎ᠠ ᠠᠴᠠ ᠥᠭᠪᠡᠯ ᠵᠠᠭᠠᠲᠤᠨᠠᠬᠤ ᠪᠦᠬᠦᠨ᠎ᠡ ᠳᠤᠰᠠᠲᠠᠢ᠃ ᠬᠢᠯᠢᠨᠴᠡᠲᠦ ᠬᠣᠷᠣᠬᠠᠢ ᠶᠢᠨ ᠲᠦᠯᠡᠭᠰᠡᠨ ᠦᠨᠡᠰᠦ ᠶᠢ ᠪᠤᠷᠴᠠᠭ ᠤᠨ ᠲᠡᠳᠦᠢ ᠷᠢᠯᠦᠳᠡᠵᠦ ᠬᠦᠢᠲᠡᠨ ᠤᠰᠤ ᠪᠠᠷ ᠳᠠᠷᠤᠭᠤᠯᠵᠣ ᠥᠭᠪᠡᠯ ᠴᠢᠯᠠᠭᠤᠰᠢᠷᠠᠬᠤ ᠡᠪᠡᠳᠴᠢᠨ ᠪᠦᠬᠦᠨ ᠳᠦ ᠪᠦᠷᠢᠯᠳᠦᠭᠰᠡᠨ ᠢ ᠠᠷᠢᠯᠭᠠᠨ᠎ᠠ᠃ ᠬᠢᠯᠢᠨᠴᠡᠲᠦ ᠬᠣᠷᠣᠬᠠᠢ ᠶᠢ ᠲᠦᠯᠡᠭᠰᠡᠨ ᠤᠲᠤᠭ᠎ᠠ ᠶᠢ ᠭᠡᠷ ᠲᠦ ᠲᠠᠯᠪᠢᠪᠠᠯ ᠳ᠋ᠢᠬᠪᠠᠷᠠᠨᠽᠠ ᠲᠡᠷᠢᠭᠦᠲᠡᠨ ᠢᠬᠢᠷ ᠰᠢᠬᠢᠷ ᠰᠢᠪᠠᠵᠢ ᠶᠢᠨ ᠬᠣᠣᠷᠯᠠᠯ ᠠᠮᠤᠷᠯᠢᠮᠤᠢ᠃ ᠭᠠᠪᠤᠷ ᠢ ᠣᠷᠣ ᠳᠡᠪᠢᠰᠭᠡᠷ ᠲᠦ ᠲᠠᠯᠪᠢᠪᠠᠰᠤ ᠰᠢᠷᠬᠢ( ᠨᠣᠬᠠᠢ ᠶᠢᠨ ᠪᠥᠭᠡᠰᠦ) ᠣᠷᠣ ᠳᠤ ᠦᠯᠦ ᠣᠷᠣᠮᠤᠢ᠃ ᠶᠠᠰᠤᠲᠤ ᠮᠡᠯᠡᠬᠡᠢ ᠶᠢᠨ ᠮᠢᠬᠠᠨ ᠤ ᠤᠲᠤᠭ᠎ᠠ ᠪᠠᠷ ᠤᠲᠤᠪᠠᠰᠤ ᠪᠢᠰ(ᠤᠯᠠᠭᠠᠨ ᠪᠥᠭᠡᠰᠦ) ᠳᠤᠲᠠᠭᠠᠬᠤ ᠪᠣᠯᠠᠢ᠃ ᠵᠢᠭᠠᠰᠤᠨ ᠶᠠᠰᠤ᠂ ᠮᠦᠽᠢ ᠶᠢ ᠲᠦᠯᠡᠭᠰᠡᠨ ᠤᠲᠤᠭ᠎ᠠ ᠪᠠᠷ ᠤᠲᠤᠪᠠᠰᠤ ᠢᠯᠠᠭ᠎ᠠ ᠰᠠᠷᠨᠢᠮᠣᠢ᠃ ᠭᠠᠪᠤᠷ᠂ ᠽᠠᠨᠳᠠᠨ᠂ ᠰᠸᠯᠡ( ᠨᠣᠬᠠᠢ ᠬᠤᠰᠢᠭᠤ)᠂ ᠡᠮᠡᠭᠡᠨ ᠬᠢᠮᠤᠰᠤ᠂ ᠵᠢᠭᠠᠷ ᠢ ᠨᠠᠢᠷᠠᠭᠤᠯᠵᠤ ᠤᠲᠤᠭ᠎ᠠ ᠲᠠᠯᠪᠢᠪᠠᠯ ᠪᠢᠱᠠ( ᠱᠠᠼᠠ) ᠨᠤᠭᠤᠳ ᠪᠤᠰᠤᠳ ᠲᠡᠰᠢ ᠶᠡᠭᠦᠯᠡᠬᠦᠶᠡ ᠰᠡᠵᠢᠭ ᠦᠭᠡᠢ᠃ ᠲᠣᠬᠰᠢᠨ ᠭᠠᠯ ᠤᠨ ᠡᠳ᠋( ᠫᠤᠤ ᠶᠢᠨ ᠳᠠᠷᠢ) ᠢ ᠤᠰᠤᠨ ᠳᠤ ᠬᠣᠯᠢᠵᠤ ᠭᠡᠷ ᠲᠦ ᠰᠦᠷᠴᠢᠯᠭᠡ ᠲᠠᠯᠪᠢᠪᠠᠯ ᠰᠠᠷᠠᠪᠠ( ᠵᠠᠭᠤᠳᠠᠬ ᠨᠣᠬᠠᠢ) ᠪᠤᠶᠤ ᠮᠣᠭᠠᠢ ᠦᠯᠦ ᠢᠷᠡᠬᠦ ᠶᠢ ᠲᠤᠷᠰᠢᠯᠭ᠎ᠠ ᠠᠴᠠ ᠭᠦᠨ ᠮᠡᠳᠡᠪᠡ᠃ ᠵᠠᠭᠤᠳᠪᠤᠢ ᠶᠢ ᠳᠣᠰᠤᠨ ᠳᠤ ᠵᠢᠭᠤᠷᠠᠵᠤ ᠲᠦᠷᠬᠢᠪᠡᠰᠦ ᠪᠡᠶᠡᠨ ᠳᠦ ᠪᠥᠭᠡᠰᠦ ᠭᠠᠷᠬᠤ ᠦᠭᠡᠢ ᠪᠣᠯᠤᠮᠤᠢ᠃ ᠦᠯᠴᠦ᠂ ᠪᠤᠭᠤ ᠶᠢᠨ ᠥᠭᠡᠬᠦ᠂ ᠪᠢᠪᠢᠯᠢᠩ ᠲᠡᠳᠡᠭᠡᠷ ᠴᠤ ᠪᠥᠭᠡᠰᠦ ᠨᠤᠭᠦᠳ ᠢ ᠠᠷᠢᠯᠭᠠᠮᠤᠢ᠃ ᠶᠸᠷᠮ᠎ᠡ᠂ ᠪᠢᠪᠢᠯᠢᠩ ᠢ ᠳᠣᠰᠤᠨ ᠳᠤ ᠵᠢᠭᠤᠷᠠᠵᠤ ᠲᠦᠷᠬᠢᠪᠡᠰᠦ ᠪᠥᠭᠡᠰᠦᠳᠦᠬᠦ ᠡᠪᠡᠳᠴᠢᠨ ᠪᠦᠬᠦᠨ ᠢ ᠠᠷᠢᠯᠭᠠᠬᠤ ᠨᠢ ᠭᠠᠢᠬᠠᠯᠲᠠᠢ ᠪᠣᠯᠠᠢ᠃ ᠮᠢᠭᠤᠢ ᠶᠢᠨ ᠰᠢᠭᠡᠰᠦ᠂ ᠪᠤᠭᠤᠳᠠᠢ ᠶᠢᠨ ᠭᠤᠯᠢᠷ ᠬᠣᠶᠠᠷ ᠢ ᠵᠢᠭᠤᠷᠠᠬᠰᠠᠨ ᠮᠦᠬᠦᠯᠢᠭ ᠢ ᠭᠡᠷ ᠲᠦ ᠣᠷᠬᠢᠪᠠᠰᠤ ᠲᠡᠨᠳᠡ ᠣᠷᠣᠰᠢᠬᠤ ᠬᠤᠯᠤᠭᠠᠨ᠎ᠠ ᠪᠦᠷ ᠳᠤᠲᠠᠭᠠᠨ᠎ᠠ᠃ ᠡᠰᠡᠬᠦᠯ᠎ᠡ ᠨᠢᠭᠡ ᠬᠤᠯᠤᠭᠠᠨ᠎ᠠ ᠶᠢ ᠪᠠᠷᠢᠵᠤ᠂ ᠭᠦᠨᠵᠢᠳ᠂ ᠳ᠋ᠣᠩᠷᠣᠢ ᠶᠢ ᠨᠠᠢᠷᠠᠭᠤᠯᠵᠤ ᠲᠦᠷᠬᠢᠭᠡᠳ ᠲᠠᠯᠪᠢᠪᠠᠰᠤ ᠪᠣᠢ ᠪᠦᠬᠦᠢ ᠬᠤᠯᠤᠭᠠᠨ᠎ᠠ ᠳᠤᠳᠠᠭᠠᠨ᠎ᠠ᠃ ᠵᠢᠷᠦᠭ᠂ ᠬᠠᠨᠪᠠ( ᠠᠬᠢ ) ᠶᠢ ᠠᠯᠢ ᠪᠣᠯᠬᠤ ᠶᠢ ᠮᠢᠬᠠᠨ ᠯᠤᠭ᠎ᠠ ᠬᠠᠮᠲᠤ ᠲᠠᠯᠪᠢᠪᠠᠯ ᠥᠲᠦ ᠬᠣᠷᠣᠬᠠᠢ ᠤᠷᠤᠬᠤ ᠦᠭᠡᠢ ᠪᠣᠯᠣᠨ᠎ᠠ᠃
ᠲᠠᠯ᠎ᠠ ᠪᠠᠷ ᠡᠪᠡᠳᠪᠡᠰᠦ᠄ ᠤᠯᠮᠤᠰᠸ ᠶᠢᠨ ᠮᠤᠳᠤᠨ ᠮᠦᠴᠢᠷ ᠢ ᠤᠳᠠᠭ᠎ᠠ ᠪᠦᠷᠢ ᠲᠠᠪᠤᠨ ᠴᠢᠨ ᠢ ᠠᠷᠢᠬᠢᠨ ᠯᠤᠭ᠎ᠠ ᠬᠠᠮᠲᠤ ᠪᠤᠴᠠᠯᠭᠠᠵᠤ ᠠᠷᠪᠠᠨ ᠤᠳᠠᠭ᠎ᠠ ᠤᠤᠭᠤᠪᠠᠰᠤ ᠳᠤᠰᠠᠲᠠᠢ᠃ ᠭᠠᠷᠠᠬ ᠡᠪᠡᠳᠴᠢᠨ ᠢᠶᠡᠷ ᠮᠣᠩᠬᠠᠷᠠᠪᠠᠰᠤ ᠠᠯᠢ ᠪᠣᠯᠬᠤ ᠠᠳᠤᠭᠤᠰᠤᠨ ᠰᠦᠰᠦᠨ ᠳᠦ ᠨᠢᠭᠡ ᠴᠢᠨ ᠪᠠᠢᠪᠠᠩ ᠬᠢᠵᠦ ᠠᠷᠢᠬᠢᠨ ᠯᠤᠭ᠎ᠠ ᠬᠠᠮᠲᠤ ᠪᠤᠴᠠᠯᠭᠠᠵᠤ ᠤᠤᠭᠤᠪᠠᠯ ᠳᠠᠷᠤᠢ ᠳᠤ ᠳᠤᠰᠠᠯᠠᠬᠤ ᠪᠣᠯᠠᠢ᠃ ᠭᠠᠷ᠂ ᠬᠥᠯ᠂ ᠪᠡᠯᠬᠡᠭᠦᠰᠦ ᠪᠡᠷ ᠡᠪᠡᠳᠪᠡᠰᠦ ᠳᠠᠪᠤᠰᠤ ᠰᠣᠩᠭᠢᠨ᠎ᠠ ᠬᠣᠶᠠᠷ ᠢ ᠨᠢᠵᠡᠭᠡᠳ ᠵᠢᠩ ᠢ ᠬᠠᠭᠤᠷᠴᠤ ᠵᠢᠩᠨᠡᠪᠡᠰᠦ ᠳᠤᠰᠠ ᠪᠣᠯᠬᠤ ᠶᠤᠮ᠃
ᠨᠢᠯᠬᠠᠰ ᠤᠨ ᠲᠣᠯᠣᠭᠠᠢ ᠶᠢᠨ ᠰᠢᠷ᠎ᠠ ᠤᠰᠤᠨ ᠳᠤ ᠬᠠᠭᠤᠴᠢᠨ ᠬᠡᠷᠡᠮ ᠦᠨ ᠰᠢᠷᠣᠢ ᠶᠢ ᠥᠨᠳᠡᠭᠡᠨ ᠴᠠᠭᠠᠨ ᠳᠤ ᠵᠢᠭᠤᠷᠠᠵᠤ ᠳᠠᠬᠢᠨ ᠳᠠᠬᠢᠨ ᠲᠦᠷᠬᠢᠪᠡᠯ ᠳᠤᠰᠠᠲᠠᠢ᠃ ᠭᠣᠨᠢᠶᠣᠳ᠂ ᠳᠠᠪᠤᠰᠤ ᠬᠣᠶᠠᠷ ᠢ ᠨᠢᠵᠡᠭᠡᠳ ᠭᠤᠷᠪᠠᠨ ᠴᠢᠨ ᠬᠠᠭᠤᠷᠤᠬᠰᠠᠨ ᠲᠠᠯᠬ᠎ᠠ ᠶᠢ ᠳᠠᠷᠠᠰᠤ( ᠰᠢᠷ᠎ᠠ ᠠᠷᠢᠬᠢ ) ᠪᠠᠷ ᠳᠠᠷᠤᠭᠤᠯᠵᠤ ᠥᠭᠪᠡᠯ ᠢᠪᠡᠷᠬᠡᠢ ᠡᠪᠡᠳᠴᠢᠨ ᠳᠦ ᠳᠤᠰᠠᠲᠠᠢ᠃ ᠬᠦᠮᠦᠨ ᠦ ᠭᠠᠪᠠᠯᠠ ᠶᠢ ᠰᠠᠢᠲᠤᠷ ᠨᠤᠬᠤᠬᠰᠠᠨ ᠲᠠᠯᠬ᠎ᠠ ᠶᠢ ᠲᠦᠷᠬᠢᠪᠡᠰᠦ ᠢᠮ ᠬᠠᠪᠤᠳᠤᠬᠰᠠᠨ ᠢ ᠠᠮᠤᠷᠯᠢᠭᠤᠯᠤᠨᠠ᠃ ᠬᠦᠮᠦᠨ ᠦ ᠭᠠᠪᠠᠯᠠ ᠶᠢᠨ ᠦᠨᠡᠰᠦ ᠶᠢ ᠦᠨᠢᠶᠡᠨ ᠰᠢᠭᠡᠰᠦᠨ ᠳᠦ ᠵᠢᠭᠤᠷᠠᠵᠤ ᠲᠦᠷᠬᠢᠪᠡᠯ ᠰᠢᠷ᠎ᠠ ᠤᠰᠤ ᠪᠠᠷ ᠵᠠᠭᠠᠲᠤᠨᠠᠬᠤ ᠶᠢ ᠠᠷᠢᠯᠭᠠᠨ᠎ᠠ᠃ ᠰᠠᠭᠠᠬ ᠤᠨ ᠦᠨᠳᠦᠰᠦ ᠶᠢ ᠲᠦᠯᠡᠭᠰᠡᠨ ᠦᠨᠡᠰᠦ ᠶᠢ ᠴᠤ ᠰᠢᠷ᠎ᠠ ᠤᠰᠤᠲᠠᠨ ᠳᠤ ᠲᠦᠷᠬᠢᠪᠡᠰᠦ ᠳᠤᠰᠠᠲᠠᠢ᠃ ᠠᠫᠡᠮᠭ᠌ᠸᠯᠠ ᠶᠢᠨ ᠮᠸᠳᠣᠬ( ᠬᠠᠷ᠎ᠠ ᠲᠠᠮᠠᠬᠢᠨ ᠤ ᠳᠤᠬᠲᠤᠢ ᠪᠤᠶᠤ ᠴᠡᠴᠡᠭ)᠂ ᠪᠢᠪᠢᠯᠢᠩ᠂ ᠯᠠᠯᠠᠫᠣᠳ ᠢ ᠬᠣᠪᠢ ᠰᠠᠴᠠᠭᠤ ᠪᠠᠷ ᠨᠠᠢᠷᠠᠭᠤᠯᠵᠤ᠂ ᠪᠠᠯ ᠢᠶᠠᠷ ᠬᠥᠯᠭᠡᠯᠡᠭᠦᠯᠵᠦ ᠥᠭᠪᠡᠰᠦ ᠴᠢᠰᠤ ᠪᠠᠷ ᠰᠠᠭᠤᠯᠭᠠᠬᠤ ᠶᠢ ᠵᠣᠬᠰᠤᠭᠠᠬᠤ ᠶᠢᠨ ᠳᠡᠭᠡᠳᠦ᠃ ᠪᠠᠶᠠᠬᠼᠠᠸᠠ ᠪᠠᠷ ᠵᠢᠩᠨᠡᠪᠡᠰᠦ ᠬᠠᠪᠤᠳᠠᠷ ᠬᠢᠭᠡᠳ ᠰᠢᠷᠬᠠᠨ ᠳᠤ ᠲᠤᠰᠠᠲᠠᠢ᠃ ᠴᠠᠭᠠᠨ ᠰᠠᠢᠷᠠ᠂ ᠺᠠᠷᠤᠼᠤᠸᠠ᠂ ᠼᠠᠯᠠ ᠶᠢᠨ ᠦᠨᠡᠰᠦ ᠵᠡᠷᠭᠡ ᠶᠢ ᠥᠭᠪᠡᠰᠦ ᠬᠣᠳᠣᠭᠣᠳᠣ ᠡᠪᠡᠳᠬᠦ ᠲᠡᠷᠢᠭᠦᠲᠡᠨ᠂ ᠡᠰᠡ ᠰᠢᠩᠭᠡᠬᠦ᠂ ᠬᠡᠢ ᠡᠪᠡᠳᠴᠢᠨ ᠪᠦᠬᠦᠨ ᠳᠦ ᠳᠤᠰᠠᠲᠠᠢ᠃ ᠭᠠᠬᠠᠢ ᠶᠢᠨ ᠬᠣᠷᠭᠣᠯ ᠤᠨ ᠦᠨᠡᠰᠦ ᠶᠢ ᠡᠯᠵᠢᠭᠡᠨ ᠰᠢᠭᠡᠰᠦ ᠲᠡᠢ ᠬᠠᠮᠠᠷ ᠲᠤ ᠳᠤᠰᠤᠭᠠᠪᠠᠰᠤ ᠮᠠᠷᠺᠢ( ᠨᠠᠷᠠᠨ ᠳᠤ ᠰᠢᠷᠬᠠᠳᠠᠪᠠᠯ ᠲᠣᠯᠣᠭᠠᠢ ᠡᠪᠡᠳᠬᠦ) ᠬᠣᠷᠣᠬᠠᠢ ᠬᠢᠭᠡᠳ ᠲᠠᠷᠢᠬᠢᠨ ᠬᠠᠳᠬᠤᠯᠠᠭ᠎ᠠ ᠶᠢ ᠠᠷᠢᠯᠭᠠᠮᠤᠢ᠃ ᠢᠪᠠᠤᠬᠠᠢ ᠶᠢᠨ ᠦᠨᠡᠰᠦ ᠶᠢ ᠬᠦᠮᠦᠨ ᠦ ᠰᠦᠨ ᠳᠦ ᠵᠢᠭᠤᠷᠠᠵᠤ ᠴᠢᠬᠢᠨ ᠳᠦ ᠳᠤᠰᠤᠭᠠᠪᠠᠰᠤ ᠥᠭᠡᠷᠢ ᠴᠣᠪᠤᠷᠠᠬᠤ ᠶᠢ ᠳᠠᠰᠤᠯᠤᠮᠤᠢ᠃ ᠭᠤᠷᠪᠠᠨ ᠬᠠᠯᠠᠭᠤᠨ᠂ ᠶᠣᠯᠣ ᠶᠢᠨ ᠪᠠᠭᠠᠰᠤ᠂ ᠵᠣᠩᠰᠢ᠂ ᠴᠤᠬᠤᠢ ᠶᠢᠨ ᠦᠨᠡᠰᠦ ᠶᠢ ᠨᠠᠢᠷᠠᠭᠤᠯᠵᠤ᠂ ᠦᠨᠢᠳᠡ ᠰᠢᠲᠦᠪᠡᠰᠦ ᠭᠠᠷᠤᠳᠤᠢ᠍ᠰ※ ᠴᠦᠭᠡᠬᠡᠨ ᠪᠣᠯᠤᠮᠤᠢ᠃ ᠠᠷᠨᠠᠬ ᠢ ᠰᠠᠢᠲᠤᠷ ᠨᠤᠬᠤᠵᠤ ᠭᠦᠨᠵᠢᠳ ᠦᠨ ᠳᠣᠰᠤᠨ ᠳᠤ ᠵᠢᠭᠤᠷᠠᠵᠤ ᠪᠡᠯᠬᠡᠭᠦᠰᠦ᠂ ᠨᠢᠭᠤᠴᠠ ᠣᠷᠣᠨ᠂ ᠭᠠᠳᠠᠷ ᠪᠥᠭᠡᠷ᠎ᠡ ᠲᠡᠷᠢᠭᠦᠲᠡᠨ ᠳᠦ ᠲᠦᠷᠬᠢᠪᠡᠰᠦ ᠰᠢᠭᠡᠰᠦ ᠴᠢᠬᠢᠷᠠᠬ ᠪᠣᠯᠵᠤ ᠶᠡᠬᠡ ᠠᠮᠤᠭᠤᠯᠠᠩ ᠡᠭᠦᠰᠦᠨ᠎ᠡ᠃ ᠠᠭᠠᠷᠤ᠂ ᠷᠦᠳᠠ ᠶᠢ ᠲᠦᠷᠬᠢᠪᠡᠰᠦ ᠴᠢᠳᠠᠯ ᠨᠢ ᠳᠡᠭᠡᠷᠡᠬᠢ ᠲᠡᠢ ᠠᠳᠠᠯᠢ ᠶᠤᠮ᠃ ᠪᠣᠢᠭᠠᠷ ᠢ ᠲᠠᠷᠠᠬ ᠲᠠᠢ ᠨᠠᠢᠷᠠᠭᠤᠯᠪᠠᠰᠤ ᠬᠠᠯᠠᠭᠤᠨ ᠢᠶᠠᠷ ᠰᠠᠭᠤᠯᠭᠠᠬᠤ ᠶᠢ ᠳᠠᠰᠤᠯᠠᠨ᠎ᠠ᠃ ᠵᠠᠮᠪᠠᠷᠠᠢ ᠶᠢ ᠦᠨᠢᠶᠡᠨ ᠰᠦᠨ ᠳᠦ ᠲᠠᠯᠪᠢᠵᠤ ᠦᠭᠪᠡᠯ ᠳᠣᠲᠣᠷ᠎ᠠ ᠬᠣᠷᠣᠬᠠᠢ ᠪᠠ ᠬᠣᠰᠬᠢᠨᠠᠭ ᠤᠨ ᠬᠣᠷᠣᠬᠠᠢ ᠶᠢ ᠠᠷᠢᠯᠭᠠᠨ᠎ᠠ᠃ ᠭᠠᠤᠯᠢᠨ ᠵᠢᠪᠡ ᠶᠢ ᠰᠦᠷᠴᠢᠪᠡᠰᠦ ᠬᠤᠯᠤᠩᠰᠤ ᠶᠢ ᠠᠷᠢᠯᠭᠠᠨ᠎ᠠ᠃ ᠬᠢᠳᠠᠳ ᠬᠡᠯᠡᠨ ᠳᠦ ᠵᠢᠦ ᠼᠠᠢ ᠶᠢᠨ ᠦᠷ᠎ᠡ( ᠭᠣᠭᠣᠳ ᠤᠨ ᠦᠷ᠎ᠡ) ᠶᠢᠨ ᠲᠠᠩ ᠢᠶᠠᠷ ᠡᠮᠡᠭᠲᠡᠢ ᠶᠢᠨ ᠰᠦ ᠶᠢ ᠠᠷᠪᠢᠳᠬᠠᠨᠠ᠃ ᠭᠡᠨᠡᠳᠲᠡ ᠨᠢᠳᠦ ᠪᠦᠷᠬᠦᠪᠡᠰᠦ ᠲᠠᠤᠯᠠᠢ ᠶᠢᠨ ᠬᠣᠷᠭᠣᠯ ᠭᠤᠷᠪᠠᠨ ᠴᠢᠨ ᠢ ᠭᠦᠬᠡ ᠴᠠᠢ ᠪᠠᠷ ᠳᠠᠷᠤᠭᠤᠯᠵᠤ ᠭᠤᠷᠪᠠᠨᠳᠠ ᠦᠭᠪᠡᠰᠦ ᠳᠤᠰᠠᠯᠠᠮᠤᠢ᠃ ᠪᠡᠯᠭᠡ ᠶᠢᠨ ᠵᠠᠪᠰᠠᠷ ᠨᠡᠪᠲᠡᠷᠡᠬᠦ ᠡᠪᠡᠳᠴᠢᠨ ᠳᠦ ᠮᠢᠭᠤᠢ ᠶᠢᠨ ᠶᠠᠰᠤ ᠶᠢ ᠦᠷᠦᠵᠦ ᠲᠦᠷᠬᠢᠪᠡᠯ ᠳᠤᠰᠠᠲᠠᠢ᠃ ᠴᠠᠭᠠᠨ ᠮᠢᠬ᠎ᠠ ᠶᠡᠭᠦᠷᠡᠵᠦ ᠡᠪᠡᠳᠪᠡᠰᠦ ᠰᠢᠯ ᠭᠠᠪᠤᠷ᠂ ᠶᠠᠰᠤᠲᠤ ᠮᠡᠯᠡᠬᠡᠢ ᠶᠢᠨ ᠲᠣᠯᠣᠭᠠᠢ᠂ ᠵᠠᠩᠼᠧᠷ ᠢ ᠰᠠᠢᠲᠤᠷ ᠨᠤᠬᠤᠵᠤ ᠦᠭᠪᠡᠰᠦ ᠳᠤᠰᠠᠲᠠᠢ᠃ ᠬᠥᠯ ᠦᠨ ᠪᠠᠮ ᠡᠪᠡᠳᠴᠢᠨ ᠳᠦ ᠨᠣᠬᠠᠢ ᠶᠢᠨ ᠬᠤᠰᠢᠭᠤ( ᠰᠧᠭᠣᠳ) ᠦᠷ᠎ᠡ ᠶᠢ ᠪᠤᠴᠠᠯᠭᠠᠵᠤ ᠬᠡᠳᠦᠨ ᠤᠳᠠᠭ᠎ᠠ ᠥᠭᠪᠡᠰᠦ ᠮᠠᠭᠠᠳ ᠳᠤᠰᠠᠯᠠᠨ᠎ᠠ᠃ ᠨᠢᠷᠠᠢᠯᠠᠬᠤ ᠪᠡᠷᠬᠡ ᠳᠦ ᠭᠤᠯᠤᠮᠲᠠ ᠶᠢᠨ ᠰᠢᠷᠣᠢ ᠶᠢ ᠰᠢᠷ᠎ᠠ ᠠᠷᠢᠬᠢ ᠪᠠᠷ ᠳᠠᠷᠤᠭᠤᠯᠪᠠᠰᠤ ᠲᠥᠷᠭᠡᠨ ᠨᠢᠷᠠᠢᠯᠠᠬᠤ᠂ ᠵᠠᠭᠠᠨ ᠤ ᠠᠷᠭᠠᠯ ᠢᠶᠠᠷ ᠵᠢᠩᠨᠡᠪᠡᠴᠦ ᠰᠠᠢᠨ᠃ ᠤᠮᠠᠢ ᠶᠢᠨ ᠴᠢᠰᠤ ᠴᠠᠷᠴᠠᠪᠠᠰᠤ ᠬᠠᠴᠧ ᠭᠦᠷᠭᠦᠮ᠂ ᠭᠠᠵᠠ ᠬᠣᠶᠠᠷ ᠤᠨ ᠰᠢᠭᠦᠰᠦ ᠶᠢ ᠬᠣᠯᠢᠵᠤ ᠤᠤᠭᠤᠪᠠᠯ ᠲᠤᠰᠠᠯᠠᠨ᠎ᠠ᠃ ᠦᠨᠢᠶᠡᠨ ᠰᠥᠨ ᠳᠦ ᠬᠠᠷ᠎ᠠ ᠰᠠᠢᠷᠠ ᠲᠠᠯᠪᠢᠵᠤ ᠬᠠᠯᠠᠭᠤᠨ ᠤᠤᠭᠤᠪᠠᠯ ᠲᠤᠰᠠᠲᠠᠢ᠃ ᠭᠦᠨᠵᠢᠳ᠂ ᠰᠢᠷ᠎ᠠ ᠪᠤᠷᠴᠠᠬ ᠬᠣᠶᠠᠷ ᠢ ᠰᠠᠢᠲᠤᠷ ᠨᠤᠬᠤᠵᠤ᠂ ᠲᠠᠷᠭᠠ( ᠬᠤᠰᠢᠭ᠎ᠠ ᠵᠢᠮᠢᠰ ᠦᠨ ᠵᠦᠢᠯ) ᠵᠢᠨ ᠲᠡᠳᠦᠢ ᠮᠦᠬᠦᠯᠢᠭᠳᠡᠵᠦ ᠲᠤᠭᠤᠭᠠᠨ ᠳᠤ ᠰᠠᠢᠲᠤᠷ ᠵᠢᠩᠨᠡᠵᠦ ᠪᠣᠯᠭᠣᠭᠠᠳ ᠡᠳᠦᠷ ᠪᠦᠷᠢ ᠨᠢᠭᠡ ᠶᠢ ᠢᠳᠡᠪᠡᠰᠦ ᠵᠤᠳ( ᠭᠠᠮᠰᠢᠭ ᠮᠠᠭᠤ ᠴᠠᠬ ᠤᠨ ᠥᠯᠦᠰᠬᠦ ᠳᠦ) ᠦᠯᠦ ᠨᠡᠷᠪᠡᠭᠳᠡᠬᠦ ᠭᠠᠢᠬᠠᠮᠰᠢᠭ ᠶᠣᠰᠣ ᠮᠦᠨ᠃ ᠦᠴᠦᠬᠡᠨ ᠨᠢᠯᠬᠠᠰ ᠤᠨ ᠮᠠᠨᠠᠷᠠᠵᠤ ᠬᠠᠳᠬᠤᠯᠠᠬᠤ ᠳᠤ ᠨᠢᠯᠬᠠᠰ ᠲᠡᠭᠦᠨ ᠦ ᠬᠢᠮᠤᠰᠤ ᠶᠢ ᠭᠠᠯ ᠳᠤ ᠲᠦᠯᠡᠵᠦ ᠠᠷᠢᠬᠢ ᠪᠠᠷ ᠳᠠᠷᠤᠭᠤᠯᠵᠤ ᠥᠭᠪᠡᠯ ᠲᠤᠰᠠᠲᠠᠢ᠃
ᠰᠢᠷ᠎ᠠ ᠴᠡᠴᠡᠭᠲᠦ ᠯᠦᠭᠷᠦ ᠬᠢᠭᠡᠳ ᠮᠣᠷᠢᠨ ᠲᠣᠯᠣᠭᠠᠢ ᠶᠢᠨ ᠣᠷᠣᠢ ᠶᠢᠨ ᠶᠠᠰᠤ ᠬᠣᠶᠠᠷ ᠢ ᠴᠠᠭᠠᠨ ᠳᠣᠰᠤᠨ ᠳᠤ ᠵᠢᠭᠤᠷᠠᠵᠤ ᠲᠦᠯᠡᠭᠰᠡᠨ ᠤᠲᠤᠭ᠎ᠠ ᠪᠠᠷ ᠪᠠᠷᠠᠭᠤᠨ ᠬᠠᠮᠠᠷ ᠢ ᠪᠥᠭᠯᠡᠵᠦ᠂ ᠵᠡᠭᠦᠨ ᠬᠠᠮᠠᠷ ᠢᠶᠠᠨ ᠤᠲᠤᠪᠠᠰᠤ ᠨᠣᠢᠷ ᠢᠷᠡᠬᠦ ᠪᠥᠭᠡᠳ ᠵᠡᠭᠦᠨ ᠢ ᠬᠠᠭᠠᠵᠤ ᠪᠠᠷᠠᠭᠤᠨ ᠢ ᠤᠲᠤᠪᠠᠰᠤ ᠨᠣᠢᠷ ᠦᠯᠦ ᠢᠷᠡᠬᠦ᠂ ᠳᠡᠭᠡᠷᠡᠬᠢ ᠡᠮ ᠢ ᠪᠠᠯ ᠳᠤ ᠪᠤᠷᠴᠠᠭ ᠤᠨ ᠲᠡᠳᠦᠢ ᠷᠢᠯᠦᠳᠡᠵᠦ ᠡᠳᠦᠷ ᠪᠦᠷᠢ ᠨᠢᠵᠡᠭᠡᠳ ᠢᠳᠡᠪᠡᠰᠦ ᠨᠢᠭᠡ ᠡᠳᠦᠷ ᠨᠣᠢᠷ ᠦᠯᠦ ᠢᠷᠡᠬᠦ᠂ ᠰᠣᠩᠭᠢᠨ᠎ᠠ ᠶᠢᠨ ᠦᠨᠳᠦᠰᠦ ᠲᠣᠯᠣᠭ᠎ᠠ ᠶᠢ ᠨᠢᠵᠡᠭᠡᠳ ᠤᠰᠤᠨ ᠳᠤ ᠠᠭᠤᠷ ᠢ ᠨᠢ ᠠᠯᠳᠠᠯ ᠦᠭᠡᠢ ᠴᠢᠨᠠᠵᠤ ᠥᠭᠪᠡᠯ ᠲᠦᠷᠭᠡᠨ ᠨᠣᠢᠷᠰᠤᠬᠤ ᠪᠣᠯᠠᠢ᠃ ᠭᠥᠬᠦ ᠬᠠᠪᠤᠳᠬᠤ ᠳᠤ ᠭᠤᠷᠪᠠᠨ ᠦᠷ᠎ᠡ᠂ ᠪᠠᠱᠠᠭ᠎ᠠ᠂ ᠪᠠᠳᠮᠠᠢ( ᠬᠣᠷᠣᠬᠠᠢ) ᠨᠤᠭᠤᠳ ᠢ ᠰᠢᠷᠭᠢᠭᠡᠭᠰᠡᠨ ᠲᠠᠩ ᠢ ᠬᠡᠳᠦᠨ ᠤᠳᠠᠭ᠎ᠠ ᠥᠭᠪᠡᠯ ᠠᠷᠢᠯᠤᠮᠤᠢ᠃ ᠬᠡᠷᠡᠭᠯᠡᠬᠦ ᠡᠮ ᠨᠢ᠄ ᠭᠠᠷᠤᠳᠢ—5 ᠶᠢᠨ ᠳᠡᠭᠡᠷ᠎ᠡ ᠬᠣᠶᠠᠷ ᠭᠦᠭᠦᠯ᠂ ᠵᠠᠩᠷᡁᠠ᠂ ᠵᠠᠼᠠ᠂ ᠼᠠᠯᠭᠠᠷ ᠨᠡᠮᠡᠵᠦ ᠰᠤᠳᠠᠯ ᠤᠨ ᠲᠤᠭᠤᠯᠭ᠎ᠠ ᠦᠢᠯᠡᠳᠴᠦ ᠥᠭᠪᠡᠯ ᠳᠤᠰᠠᠲᠠᠢ᠃ ᠰᠦᠷᠦᠪᠠᠭᠠ᠂ ᠭᠠᠵᠠ᠂ ᠳ᠋ᠢᠭᠳᠡ᠂ ᠦ᠂ ᠵᠠᠬᠵᠤ( ᠡᠪᠡᠰᠦᠨ ᠭᠣᠬᠣ)᠂ ᠳ᠋ᠠᠬᠱᠠ᠂ ᠵᠢᠯᠵᠧ᠂ ᠦᠭᠴᠦᠢ᠂ ᠬᠤᠩᠯᠧᠨ ᠢ ᠬᠣᠪᠢ ᠲᠡᠭᠰᠢ ᠳᠡᠪᠲᠦᠭᠡᠯᠭᠡᠨ ᠳᠦ ᠣᠷᠣᠭᠤᠯᠪᠠᠰᠤ ᠲᠦᠷᠭᠡᠨ ᠡᠪᠡᠷᠰᠢᠶᠡᠯ ᠠᠮᠤᠷᠯᠢᠬᠤ ᠪᠣᠯᠠᠢ᠃ ᠳ᠋ᠢᠭᠳᠡ᠂ ᠠᠷᠤ ᠰᠧᠷᠳᠣᠬ( ᠠᠯᠲᠠᠨ ᠥᠩᠭᠡᠲᠦ ᠠᠷᠤᠷ᠎ᠠ)᠂ ᠭᠦᠷᠭᠦᠮ᠂ ᠰᠧᠪᠢᠮᠧᠳᠣᠬ ᠢ ᠨᠠᠢᠷᠠᠭᠤᠯᠵᠤ ᠠᠷᠢᠬᠢ ᠤᠤᠭᠤᠬᠤ ᠶᠢᠨ ᠤᠷᠢᠳ ᠠᠷᠢᠬᠢ ᠪᠠᠷ ᠳᠠᠷᠤᠭᠤᠯᠪᠠᠯ ᠠᠷᠢᠬᠢᠨ ᠳᠤ ᠰᠣᠬᠲᠤᠬᠤ ᠦᠭᠡᠢ ᠶᠤᠮ᠃ ᠰᠣᠬᠲᠤᠭᠤ ᠳᠤ ᠥᠭᠪᠡᠯ ᠰᠣᠬᠲᠤᠬᠰᠠᠨ ᠢ ᠠᠷᠢᠯᠭᠠᠮᠤᠢ᠃ ᠬᠢᠳᠠᠳ ᠴᠡᠴᠡᠭ ᠭᠡᠮᠡᠬᠦ ᠲᠠᠮᠪᠤᠤ ᠶᠢᠨ ᠢᠵᠠᠭᠤᠷ ᠪᠣᠳᠣ ᠭᠦᠪᠲᠦᠷᠦᠦ᠂ ᠤᠯᠠᠭᠠᠨ ᠨᠣᠳ ᠲᠠᠢ ᠠᠳᠠᠯᠢ ᠴᠣᠬᠴᠠ ᠮᠠᠬᠠᠪᠣᠳ ᠪᠦᠬᠦᠨ᠎ᠡ ᠲᠥᠭᠡᠮᠡᠯ ᠭᠠᠷᠴᠤ ᠣᠯᠠᠨ ᠮᠠᠭᠠᠵᠢᠪᠠᠯ ᠥᠭᠡᠷᠢ᠂ ᠴᠢᠰᠤ ᠰᠢᠷ᠎ᠠ ᠤᠰᠤ ᠴᠣᠪᠣᠷᠠᠬᠤ ᠳᠤ ᠰᠦᠷᠴᠢᠯᠭᠡ ᠡᠮ ᠢ ᠣᠯᠠᠨ ᠲᠦᠷᠬᠢᠪᠡᠯ ᠲᠣᠲᠣᠬᠰᠢ ᠨᠢᠴᠤᠬᠤ᠂ ᠳᠣᠲᠣᠷ᠎ᠠ ᠣᠷᠣᠵᠤ ᠭᠦᠴᠦᠨ ᠶᠡᠬᠡᠳᠪᠡᠰᠦ ᠤᠰᠤᠨ ᠬᠠᠪᠤᠩ ᠪᠣᠯᠣᠨ᠎ᠠ᠃ ᠡᠪᠡᠳᠴᠢᠲᠡᠨ ᠨᠢ ᠭᠣᠣᠯᠳᠠᠭᠤ ᠲᠡᠭᠦᠨ ᠦ ᠳᠡᠪᠢᠰᠭᠡᠷ᠂ ᠬᠤᠪᠴᠠᠰᠤ ᠲᠡᠷᠢᠭᠦᠲᠡᠨ ᠪᠠ ᠢᠯᠠᠩᠭᠤᠶ᠎ᠠ ᠪᠥᠭᠡᠰᠦ ᠡᠴᠡ ᠬᠠᠯᠳᠠᠪᠤᠷᠢᠯᠠᠬᠤ ᠣᠯᠠᠨ᠃ ᠤᠤᠭᠤᠬᠤ ᠡᠮ᠄ ᠦᠯᠴᠦ18 ᠪᠤᠶᠤ ᠦᠯᠴᠦ—14 ᠵᠡᠷᠭᠡ ᠠᠯᠢ ᠵᠣᠬᠢᠰᠲᠠᠢ ᠶᠢ ᠨᠢ ᠥᠭ᠃ ᠬᠤᠵᠢᠷ᠂ ᠴᠢᠯᠠᠭᠤᠨ ᠰᠢᠷᠠᠼᠠ( ᠸᠠᠯᠠ)᠂ ᠬᠥ ᠭᠤᠷᠪᠠ ᠶᠢ ᠬᠠᠭᠤᠴᠢᠨ ᠳᠣᠰᠤᠨ ᠳᠤ ᠵᠢᠭᠤᠷᠠᠵᠤ ᠳᠠᠬᠢᠨ ᠳᠠᠬᠢᠨ ᠲᠦᠷᠬᠢ᠃ ᠰᠢᠪᠠᠬᠤ ᠡᠮ᠄ ᠪᠣᠩᠭᠠᠷ᠂ ᠲᠠᠷᠨᠤ᠂ ᠱᠦᠳᠠᠬ᠂ ᠴᠦᠷᠽᠡ᠂ ᠵᠢᠭᠠᠷ᠂ ᠬᠠᠭᠤᠴᠢᠨ ᠤᠳᠤᠭᠠᠨ ᠤ ᠬᠠᠬ ᠢ ᠨᠠᠢᠷᠠᠭᠤᠯᠪᠠᠰᠤ ᠲᠤᠰᠠᠲᠠᠢ᠃ ᠪᠠᠶᠠᠰᠬᠠᠯ ᠤᠨ ᠲᠡᠭᠦᠰ ᠵᠢᠷᠭᠠᠯ ᠡᠳ᠋ᠯᠡᠬᠦ ᠶᠢᠨ ᠦᠶᠡᠰ ᠳᠤᠰᠤᠯ ᠭᠠᠷᠤᠬᠰᠠᠨ ᠳᠠᠷᠤᠢ ᠡᠷ᠎ᠡ ᠶᠢᠨ ᠪᠡᠯᠭᠡ ᠶᠢ ᠲᠦᠷᠭᠡᠨ ᠭᠠᠷᠭᠠᠪᠠᠯ ᠲᠠᠮᠪᠤᠤ ᠣᠬᠲᠤ ᠭᠠᠷᠬᠤ ᠦᠭᠡᠢ᠃ ᠨᠢᠯᠬᠠᠰ ᠤᠳ ᠰᠢᠭᠡᠰᠦᠨ ᠰᠦᠪᠡ ᠬᠢᠭᠡᠳ ᠡᠬᠡᠨᠡᠷ ᠦᠨ ᠭᠡᠯᠦᠦ ᠬᠠᠪᠤᠳᠪᠠᠰᠤ ᠵᠢᠭᠠᠷ᠂ ᠲᠠᠪᠤᠰᠤ ᠬᠣᠶᠠᠷ ᠢ ᠲᠣᠰᠣᠨ ᠳᠤ ᠵᠢᠭᠤᠷᠠᠵᠤ ᠰᠦᠷᠴᠢ᠃ ᠲᠠᠩᠨᠠᠢ ᠳᠤ ᠴᠢᠰᠤ ᠠᠷᠪᠢᠳᠴᠤ ᠬᠡᠦᠬᠡᠨ ᠬᠡᠯᠡ ᠪᠠᠭᠤᠪᠠᠰᠤ ᠲᠣᠰᠤᠲᠤ ᠯᠣᠩᠬᠣ ᠶᠢ ᠭᠠᠯ ᠳᠤ ᠬᠠᠯᠠᠭᠤᠯᠵᠣ ᠲᠡᠭᠦᠨ ᠢᠶᠡᠷ ᠣᠷᠣᠢ ᠳᠤ ᠵᠢᠩᠨᠡᠪᠡᠰᠦ ᠲᠤᠰᠠᠲᠠᠢ᠃ ᠤᠰᠤ᠂ ᠰᠢᠷᠣᠢ ᠦᠯᠦ ᠵᠣᠬᠢᠯᠳᠤᠨ ᠬᠠᠯᠠᠭᠤᠨ ᠬᠦᠢᠲᠡᠨ ᠬᠠᠷᠰᠢᠯᠳᠤᠵᠤ ᠳᠡᠭᠡᠭᠰᠢ ᠠᠮᠢᠰᠬᠤᠯ ᠴᠢᠬᠤᠯᠳᠠᠨ᠂ ᠣᠯᠠᠨ ᠬᠠᠨᠢᠶᠠᠵᠤ᠂ ᠨᠢᠭᠤᠷ ᠠᠮᠠ᠂ ᠬᠥᠯ ᠦᠨ ᠦᠯᠮᠡᠢ ᠬᠠᠪᠤᠳᠬᠤ ᠳᠤ ᠭᠦᠨᠪᠦᠷᠦᠮ—7 ᠵᠢᠨ ᠳᠡᠭᠡᠷ᠎ᠡ ᠽᠠᠳᠢ᠂ ᠯᠢᠰᠢ᠂ ᠠᠷᠨᠠᠬ᠂ ᠷᠦᠳᠡ ᠶᠢ ᠨᠠᠢᠷᠠᠭᠤᠯᠵᠤ ᠪᠤᠷᠠᠮ ᠢᠶᠠᠷ ᠬᠦᠯᠭᠡᠯᠡᠭᠦᠯᠵᠦ᠂ ᠦᠷ ᠴᠠᠢᠬᠤ ᠪᠠ ᠦᠳᠡᠰᠢ ᠦᠭᠪᠡᠯ ᠷᠠᠰᠢᠶᠠᠨ ᠮᠡᠲᠦ ᠪᠣᠯᠠᠢ᠃ ᠷᠢᠳᠡᠨᠴᠤᠢ᠍ᠰᠦᠮ( ᠦᠨᠦᠷ ᠲᠡᠭᠦᠯᠳᠡᠷ—13) ᠦᠨ ᠨᠠᠢᠷᠠᠯᠭ᠎ᠠ ᠨᠢ᠄ ᠵᠢᠭᠠᠷ5 ᠹᠥᠨ᠂ ᠪᠠᠩᠪᠤᠢ6 ᠴᠢᠨ᠂ ᠴᠠᠭᠠᠨ ᠱᠦᠳᠠᠬ8 ᠴᠢᠨ᠂ ᠠᠷᠤᠷ᠎ᠠ1 ᠴᠢᠨ᠂ ᠷᠦᠳᠡ1 ᠴᠢᠨ᠂ ᠰᠢᠯ ᠭᠠᠪᠤᠷ5 ᠹᠦᠨ᠂ ᠠᠷᠨᠠᠬ1 ᠴᠢᠨ᠂ ᠯᠢᠰᠢ1 ᠴᠢᠨ᠂ ᠬᠣᠶᠠᠷ ᠽᠠᠨᠳᠠᠨ ᠨᠢᠵᠡᠭᠡᠳ1 ᠴᠢᠨ᠂ ᠭᠢᠸᠠᠩ2 ᠴᠢᠨ᠂ ᠬᠠᠴᠧ ᠭᠦᠷᠭᠦᠮ1 ᠴᠢᠨ᠂ ᠲᠠᠮᠠᠬᠢ1 ᠴᠢᠨ ᠵᠡᠷᠭᠡ ᠶᠢ ᠨᠠᠢᠷᠠᠭᠤᠯᠵᠤ᠂ ᠬᠠᠮᠠᠷ ᠲᠤ ᠳᠠᠲᠠᠪᠠᠰᠤ ᠲᠣᠯᠣᠭᠠᠢ᠂ ᠨᠢᠳᠦ᠂ ᠰᠢᠳᠦ ᠡᠪᠡᠳᠬᠦ ᠲᠡᠷᠢᠭᠦᠲᠡᠨ ᠴᠢᠰᠤ ᠪᠠᠷ ᠨᠥᠬᠦᠴᠡᠯ ᠪᠣᠯᠤᠭᠰᠠᠨ ᠪᠦᠬᠦᠨ ᠳᠦ ᠲᠤᠰᠠᠲᠠᠢ᠃ ᠢᠯᠠᠩᠭᠤᠶ᠎ᠠ ᠴᠡᠭᠡᠵᠢᠨ ᠪᠡᠶ᠎ᠡ ᠶᠢᠨ ᠡᠪᠡᠳᠴᠢᠨ ᠨᠤᠭᠦᠳ ᠢ ᠳᠠᠷᠤᠨ᠎ᠠ᠃ ᠡᠳ᠋ ᠢᠶᠡᠷ ᠪᠡᠶ᠎ᠡ ᠶᠢᠨ ᠢᠯᠴᠢ ᠶᠢ ᠪᠠᠳᠠᠷᠠᠭᠤᠯᠬᠤ ᠶᠢ ᠭᠦᠰᠡᠪᠡᠰᠦ ᠭᠠ᠂ ᠪᠢᠪᠢᠯᠢᠩ᠂ ᠫᠤᠸᠠᠷᠢ᠂ ᠴᠠᠭᠠᠨ ᠱᠦᠳᠠᠬ ᠢ ᠰᠠᠢᠲᠤᠷ ᠨᠤᠬᠤᠵᠤ ᠬᠠᠭᠤᠴᠢᠨ ᠲᠣᠰᠣᠨ ᠳᠤ ᠵᠢᠭᠤᠷᠠᠵᠤ ᠪᠡᠶᠡᠨ ᠳᠦ ᠲᠦᠷᠬᠢᠪᠡᠰᠦ᠂ ᠢᠯᠴᠢ ᠶᠢ ᠡᠭᠦᠰᠬᠡᠬᠦ ᠪᠥᠭᠡᠳ ᠤᠰᠠᠠᠤᠷᠤ( ᠭᠣᠷᠵᠣᠢᠬᠤ ᠪᠤᠶᠤ ᠢᠰᠭᠡᠭᠦᠷᠳᠦᠬᠦ) ᠦᠯᠦ ᠭᠠᠷᠬᠤ ᠮᠠᠰᠢᠳᠠ ᠭᠦᠨ᠎ᠡ᠃
ᠰᠢᠵᠢᠳ—6 ᠵᠢᠨ ᠳᠡᠭᠡᠷ᠎ᠡ ᠳ᠋ᠠᠷᠪᠤ᠂ ᠲᠡᠮᠦᠷ ᠮᠣᠭᠠᠢ᠂ ᠵᠠᠼᠠ᠂ ᠳ᠋ᠢᠭᠰᠧᠷᠢᠨ᠂ ᠤᠯᠮᠤᠰᠧ ᠨᠤᠭᠤᠳ ᠢ ᠨᠡᠮᠡᠵᠦ ᠥᠭᠪᠡᠰᠦ ᠡᠮᠡᠭᠲᠡᠢ ᠶᠢᠨ ᠡᠪᠡᠳᠴᠢᠨ᠂ ᠴᠢᠰᠤᠨ ᠪᠠᠳᠠᠬᠢ ᠶᠢ ᠡᠪᠳᠡᠨ᠎ᠡ᠃ ᠢᠯᠠᠩᠭᠤᠶ᠎ᠠ ᠨᠢᠷᠠᠢᠯᠠᠬᠰᠠᠨ ᠳᠠᠷᠠᠭᠠᠬᠢ ᠡᠪᠡᠳᠴᠢᠨ ᠳᠦ ᠰᠠᠢᠰᠢᠶᠠᠬᠳᠠᠬᠰᠠᠨ ᠶᠤᠮ᠃ ᠮᠠᠨᠴᠢᠨ᠂ ᠱᠦᠳᠠᠬ᠂ ᠳᠠᠯᠠᠨ ᠲᠦᠷᠦᠭᠦᠦ᠂ ᠼᠣᠷᠨᠠᠬ᠂ ᠮᠦᠽᠢ ᠬᠣᠪᠢ ᠲᠡᠭᠰᠢ ᠶᠢ ᠮᠢᠭᠤᠢ᠂ ᠢᠮᠠᠭ᠎ᠠ᠂ ᠭᠠᠬᠠᠢ ᠠᠯᠢ ᠪᠣᠯᠬᠤ ᠶᠢᠨ ᠳᠣᠰᠤᠨ ᠳᠤ ᠵᠢᠭᠤᠷᠠᠵᠤ ᠲᠦᠷᠬᠢᠭᠡᠳ ᠨᠠᠷᠠᠨ ᠳᠤ ᠬᠠᠯᠠᠭᠤᠯᠪᠠᠯ ᠬᠠᠭᠤᠴᠢᠨ ᠶᠠᠷ᠎ᠠ᠂ ᠪᠣᠯᠴᠢᠷᠬᠠᠢ᠂ ᠴᠢᠬᠢᠬᠠ᠂ ᠦᠬᠡᠷ ᠢᠯᠢᠳᠦ᠂ ᠭᠠᠯ ᠨᠠᠮᠤᠰᠤ ᠶᠢ ᠳᠠᠷᠤᠨ᠎ᠠ᠃ ᠢᠯᠠᠩᠭᠤᠶ᠎ᠠ ᠭᠠᠵᠠᠷ ᠤᠨ ᠰᠦᠷ ᠡᠪᠡᠳᠴᠢᠨ( ᠰᠢᠷᠣᠢ ᠶᠢᠨ ᠭᠡᠮ ᠢᠶᠡᠷ ᠨᠢᠭᠡ ᠵᠦᠢᠯ ᠦᠨ ᠮᠠᠯ ᠤᠨ ᠬᠠᠯᠳᠠᠪᠤᠷᠢᠲᠤ ᠬᠦᠴᠢᠷ ᠲᠠᠢ ᠰᠢᠭ᠌)᠂ ᠨᠢᠶᠠᠨ ᠢᠶᠠᠷ ᠬᠠᠳᠬᠤᠯᠠᠬᠤ ᠶᠢᠨ ᠳᠠᠷᠤᠯᠭ᠎ᠠ ᠮᠦᠨ᠃ ᠮᠣᠩᠭᠣᠯ ᠬᠡᠯᠡᠨ ᠦ ᠴᠢᠪᠠᠭᠠᠨ ᠶᠠᠰᠤ ᠪᠠ ᠴᠠᠭᠠᠨ ᠰᠠᠷᠢᠮᠰᠠᠭ ᠬᠣᠶᠠᠷ ᠤᠨ ᠭᠦᠴᠦᠨ ᠲᠡᠭᠦᠯᠳᠡᠷ ᠲᠦᠯᠡᠭᠰᠡᠨ ᠦᠨᠡᠰᠦ ᠶᠢ ᠬᠠᠭᠤᠴᠢᠨ ᠲᠣᠰᠣᠨ ᠳᠤ ᠵᠢᠭᠤᠷᠠᠵᠤ ᠲᠦᠷᠬᠢᠪᠡᠯ ᠶᠠᠷ᠎ᠠ ᠰᠢᠷᠬ᠎ᠠ ᠡᠪᠡᠳᠴᠢᠨ ᠢ ᠠᠷᠢᠯᠭᠠᠨ᠎ᠠ᠃ ᠮᠠᠨᠴᠢᠨ1 ᠴᠢᠨ᠂ ᠪᠣᠩᠭᠠᠷ5 ᠹᠦᠨ᠂ ᠵᠢᠭᠠᠷ4 ᠹᠦᠨ ᠭᠤᠷᠪᠠ ᠶᠢ ᠥᠴᠥᠬᠡᠨ ᠬᠡᠮ ᠢᠶᠡᠷ ᠴᠢᠰᠤᠨ ᠤᠰᠤ ᠶᠢ ᠬᠥᠢᠲᠡᠨ ᠢᠶᠡᠷ ᠳᠠᠷᠤᠭᠤᠯᠪᠠᠰᠤ ᠴᠢᠰᠤ ᠰᠢᠷ᠎ᠠ ᠪᠠᠷ ᠬᠠᠨᠢᠶᠠᠬᠤ ᠵᠡᠷᠭᠡ ᠬᠠᠯᠠᠭᠤᠨ ᠡᠪᠡᠳᠴᠢᠨ᠂ ᠰᠠᠬᠤᠤ ᠪᠣᠭᠣᠮ᠎ᠠ ᠪᠠ ᠨᠢᠶᠠᠨ ᠡᠪᠡᠳᠴᠢᠨ᠂ ᠭᠡᠳᠡᠰᠦᠨ ᠬᠠᠳᠬᠤᠯᠠᠭ᠎ᠠ᠂ ᠤᠲᠤᠭᠠᠨ ᠤ ᠰᠢᠭᠦᠰᠦ ᠮᠡᠲᠦ ᠪᠡᠷ ᠰᠠᠭᠤᠯᠭᠠᠬᠤ ᠲᠡᠷᠢᠭᠦᠲᠡᠨ᠂ ᠪᠣᠳᠣ ᠬᠥᠪᠲᠦᠷᠦᠦ᠂ ᠶᠠᠮᠠ ᠡᠪᠡᠳᠴᠢᠨ ᠵᠡᠷᠭᠡ ᠳᠦ ᠬᠦᠷᠦᠭᠰᠡᠨ ᠳᠠᠷᠤᠢ ᠪᠠᠷ ᠨᠢᠳᠤᠯᠬᠤ ᠡᠮ ᠭᠤᠷᠪᠠᠨ ᠷᠠᠰᠢᠶᠠᠨ ᠤ ᠨᠠᠢᠷᠠᠯᠭ᠎ᠠ ᠪᠤᠯᠠᠢ᠃ ᠮᠣᠭᠠᠢ ᠶᠢᠨ ᠮᠢᠬ᠎ᠠ᠂ ᠳ᠋ᠠᠷᠪᠤ᠂ ᠴᠦᠰᠧᠷᠢᠨᠷᡁᠠᠬ( ᠮᠠᠳᠠᠷ ᠤᠨ ᠴᠢᠰᠤ) ᠢ ᠬᠠᠷ᠎ᠠ ᠠᠷᠢᠬᠢ ᠪᠠᠷ ᠳᠠᠷᠤᠭᠤᠯᠪᠠᠯ ᠡᠮᠡᠭᠲᠡᠢ ᠶᠢᠨ ᠡᠪᠡᠳᠴᠢᠨ ᠢ ᠠᠷᠢᠯᠭᠠᠨ᠎ᠠ᠃ ᠵᠢᠭᠠᠷ᠂ ᠮᠦᠽᠢ᠂ ᠬᠠᠷ᠎ᠠ ᠱᠦᠳᠠᠬ᠂ ᠮᠠᠨᠴᠢᠨ᠂ ᠴᠠᠭᠠᠨ ᠰᠠᠷᠢᠮᠰᠠᠭ᠂ ᠰᠢᠩᠭᠦᠨ᠂ ᠬᠥ ᠨᠤᠭᠦᠳ ᠢ ᠰᠠᠢᠲᠤᠷ ᠨᠣᠬᠣᠵᠤ ᠭᠠᠷᠤᠯᠭ᠎ᠠ ᠶᠡᠬᠡᠳᠪᠡᠯ ᠡᠭᠦᠳᠡᠨ ᠳᠦ ᠵᠡᠭᠦᠬᠦ᠂ ᠡᠪᠡᠳᠴᠢᠨ ᠰᠠᠬᠢᠬᠤ ᠪᠣᠯ ᠪᠡᠯᠬᠡᠭᠦᠰᠦᠨ ᠳᠦ ᠵᠡᠭᠦᠬᠦ( ᠥᠯᠭᠡᠪᠴᠢᠨ ᠳᠦ ᠬᠠᠳᠠᠬᠤ)᠂ ᠬᠠᠪᠤᠳᠠᠷ ᠲᠡᠷᠢᠭᠦᠲᠡᠨ ᠳᠦ ᠭᠠᠳᠠᠨ᠎ᠠ ᠠᠴᠠ ᠲᠦᠷᠬᠢ᠂ ᠡᠳ᠋ ᠢᠶᠡᠷ ᠰᠠᠬᠢᠬᠴᠢ ᠬᠥᠷᠳᠦ ᠭᠠᠢᠬᠠᠮᠰᠢᠭ ᠶᠤᠮ᠃ ᠮᠠᠨᠴᠢᠨ᠂ ᠷᠦᠳᠡ᠂ ᠵᠢᠭᠠᠷ᠂ ᠠᠭᠠᠷᠤ ᠶᠢ ᠵᠢᠭᠤᠷᠠᠬᠰᠠᠨ ᠰᠢᠭᠦᠰᠦ ᠪᠡᠷ ᠴᠢᠬᠢᠨ ᠡᠪᠡᠳᠴᠢᠨ ᠪᠦᠬᠦᠨ ᠢ ᠠᠷᠢᠯᠭᠠᠨ᠎ᠠ᠃ ᠪᠢᠷᠢᠳᠡᠰᠡᠽᠢᠨ᠂ ᠷᠦᠳᠠ᠂ ᠯᠢᠰᠢ᠂ ᠽᠠᠳᠢ᠂ ᠨᠢᠩᠱᠤᠱᠠ᠂ ᠪᠣᠢᠭᠠᠷ ᠢ ᠰᠠᠢᠲᠤᠷ ᠨᠤᠬᠤᠵᠤ ᠠᠷᠢᠬᠢ ᠪᠠᠷ ᠳᠠᠷᠤᠭᠤᠯᠪᠠᠯ ᠵᠢᠷᠦᠬᠡᠨ ᠤᠰᠤ ᠪᠠᠷ ᠴᠡᠭᠡᠵᠢ ᠳᠦᠭᠦᠷᠬᠦ ᠳᠦ ᠡᠨᠡ ᠮᠡᠲᠦ ᠶᠢᠨ ᠣᠪᠠᠳᠢᠰ ᠦᠯᠡᠮᠵᠢ ᠰᠠᠢᠨ᠃ ᠵᠠᠩᠪᠤᠢ᠍ᠯ᠂ ᠳ᠋ᠠᠷᠪᠤ ᠶᠢ ᠨᠠᠢᠷᠠᠭᠤᠯᠤᠨ ᠪᠤᠴᠠᠯᠤᠬᠰᠠᠨ ᠤᠰᠤ ᠪᠠᠷ ᠳᠠᠷᠤᠭᠤᠯᠪᠠᠯ ᠴᠣᠬᠢᠬᠳᠠᠬᠰᠠᠨ ᠪᠠ ᠬᠠᠯᠢᠯ ᠳᠤ ᠤᠨᠠᠬᠰᠠᠨ᠂ ᠴᠢᠯᠠᠭᠤ ᠪᠠᠷᠢᠶ᠎ᠠ ᠳᠤᠰᠤᠬᠰᠠᠨ᠂ ᠠᠮᠢᠰᠬᠤᠯ ᠦᠯᠦ ᠭᠠᠷᠬᠤ ᠬᠢᠭᠡᠳ ᠬᠡᠢ ᠴᠢᠰᠤ ᠴᠡᠭᠡᠵᠢᠨ ᠳᠦ ᠳᠦᠭᠦᠷᠬᠦ᠂ ᠮᠠᠭᠤ ᠴᠢᠰᠤ ᠰᠠᠪᠠᠨ ᠳᠤ ᠤᠨᠠᠬᠤ᠂ ᠪᠣᠷᠣ ᠳᠦᠭᠦᠷᠴᠦ ᠬᠤᠢᠯᠠᠷᠠᠬᠤ᠂ ᠪᠠᠳᠠᠬᠢ᠂ ᠡᠰᠡ ᠰᠢᠩᠭᠡᠭᠰᠡᠨ ᠪᠠ ᠮᠢᠬᠠᠨ ᠤ ᠬᠣᠣᠷ᠂ ᠮᠠᠨᠴᠢᠨ ᠤ ᠬᠣᠣᠷ ᠢ ᠠᠷᠢᠯᠭᠠᠨ᠎ᠠ᠃ ᠢᠯᠠᠩᠭᠤᠶ᠎ᠠ ᠡᠮᠡᠭᠲᠡᠢ ᠶᠢᠨ ᠴᠢᠰᠤ ᠬᠤᠢᠯᠠᠷᠠᠬᠰᠠᠨ ᠢ ᠡᠪᠳᠡᠬᠦ ᠶᠢᠨ ᠳᠡᠭᠡᠳᠦ᠃ ᠷᠠᠰᠢᠶᠠᠨ ᠤ ᠪᠠᠷᠰ ᠠᠷᠰᠯᠠᠨ ᠴᠤᠬᠯᠠᠷᠠᠬᠰᠠᠨ ᠰᠠᠪᠠᠨ ᠨᠠᠢᠷᠠᠯᠭ᠎ᠠ ᠭᠦᠨ᠎ᠡ᠃ ᠭᠦᠭᠦᠯ᠂ ᠪᠣᠢᠭᠠᠷ᠂ ᠭᠢᠸᠠᠩ᠂ ᠣᠷᠣᠩᠭᠣ ᠶᠢᠨ ᠴᠢᠰᠤ᠂ ᠶᠸᠷᠮ᠎ᠡ ᠶᠢᠨ ᠦᠷ᠎ᠡ ᠳᠣᠯᠤᠭ᠎ᠠ ᠶᠢ ᠰᠠᠢᠲᠤᠷ ᠨᠤᠬᠤᠵᠤ ᠣᠰᠤᠨ ᠳᠤ ᠵᠢᠭᠤᠷᠠᠬᠰᠠᠨ ᠢᠶᠠᠷ ᠬᠡᠯᠡᠭᠡᠢ ᠶᠢ ᠨᠡᠭᠡᠭᠡᠮᠦᠢ᠃
ᠭᠠᠯᠵᠠᠭᠤ ᠨᠣᠬᠠᠢ ᠶᠢᠨ ᠬᠣᠣᠷ ᠲᠤ᠄ ᠬᠣᠣᠷ ᠢ ᠠᠷᠢᠯᠭᠠᠬᠰᠠᠨ ᠵᠠᠩᠷᡁᠠ ᠳᠣᠯᠣᠭ᠎ᠠ᠂ ᠯᠠᠭᠠᠩ7 ᠹᠦᠨ ᠢ ᠰᠠᠢᠲᠤᠷ ᠨᠤᠬᠤᠵᠤ ᠭᠤᠷᠪᠠᠨ ᠬᠣᠪᠢ ᠬᠤᠪᠢᠶᠠᠭᠠᠳ ᠭᠤᠷᠪᠠᠨ ᠡᠳᠦᠷ ᠦᠷᠯᠦᠭᠡ ᠦᠯᠦᠨ ᠢᠶᠡᠷ ᠦᠭ᠃ ᠡᠭᠦᠨ ᠢᠶᠡᠷ ᠭᠠᠯᠵᠠᠭᠤ ᠨᠣᠬᠠᠢ ᠶᠢᠨ ᠬᠣᠣᠷ ᠢ ᠮᠠᠭᠠᠳ ᠠᠷᠢᠯᠭᠠᠨ᠎ᠠ᠃ ᠬᠣᠣᠷ ᠪᠣᠰᠬᠤ ᠴᠠᠭ ᠠᠴᠠ ᠤᠷᠢᠳ ᠤᠤᠭᠤᠬᠤ ᠬᠡᠷᠡᠭᠲᠡᠢ᠃ ᠭᠡᠳᠦ ᠡᠷᠲᠡᠳᠡᠪᠡᠰᠦ ᠳᠤᠰᠠ ᠦᠯᠦ ᠪᠣᠯᠬᠤ ᠪᠥᠭᠡᠳ ᠴᠠᠬ ᠠᠴᠠ ᠥᠩᠭᠡᠷᠡᠪᠡᠰᠦ ᠤᠰᠤᠨ ᠲᠤᠭᠤᠯᠭ᠎ᠠ ᠡᠭᠦᠨ ᠢᠶᠡᠷ ᠦᠯᠦ ᠪᠣᠯᠤᠮᠤᠢ᠃ ᠭᠠᠯᠵᠠᠭᠤ ᠨᠣᠬᠠᠢ ᠶᠢᠨ ᠥᠩᠭᠡ ᠪᠠ ᠬᠣᠣᠷ ᠪᠣᠰᠬᠤ ᠴᠠᠬ ᠢ ᠪᠤᠰᠤᠳ ᠠᠴᠠ ᠨᠢᠬᠲᠠᠯᠠᠨ ᠮᠡᠳᠡᠬᠦ ᠬᠡᠷᠡᠭᠲᠡᠢ᠃ ᠬᠣᠣᠷ ᠪᠣᠰᠬᠤ ᠴᠠᠬ ᠮᠠᠰᠢ ᠣᠢᠷᠠᠳᠪᠠᠰᠤ ᠳᠡᠭᠡᠷᠡᠬᠢ ᠡᠮ ᠢᠶᠡᠨ ᠶᠣᠰᠤᠴᠢᠯᠠᠨ ᠨᠠᠢᠷᠠᠭᠤᠯᠣᠬᠰᠠᠨ ᠳᠡᠭᠡᠷ᠎ᠡ ᠲᠣᠭᠣᠰ ᠤᠨ ᠥᠳᠦᠨ ᠦ ᠬᠢᠷᠪᠦᠰᠦ᠂ ᠤᠯᠠᠭᠠᠨ ᠮᠣᠷᠢᠨ ᠤ ᠬᠤᠯᠤᠩᠰᠤ ᠵᠡᠷᠭᠡ ᠪᠥᠭᠡᠯᠵᠢᠭᠦᠯᠬᠦ ᠡᠮ ᠢ ᠨᠡᠮᠡᠵᠦ ᠥᠭᠬᠦ ᠬᠡᠷᠡᠭᠲᠡᠢ ᠶᠢ ᠣᠬᠠᠭᠠᠨ ᠢᠶᠠᠷ ᠮᠡᠳᠡᠭᠲᠦᠨ᠃
ᠦᠰᠦᠭ ᠠᠮᠢᠯᠠᠭᠤᠯᠤᠬᠰᠠᠨ ᠨᠢ᠄ ᠦᠯᠵᠡᠢᠪᠠᠭᠠᠲᠤᠷ
ᠬᠢᠨᠠᠬᠰᠠᠨ ᠨᠢ᠄ ᠣᠳᠬᠠᠨᠰᠣ᠎ᠠ
