ᠳᠠᠷᠬᠠᠨ ᠨᠣᠶᠠᠨ ᠲᠠᠢ ᠴᠡᠴᠡ ᠪᠤᠯᠢᠶᠠᠯᠳᠤᠭᠰᠠᠨ ᠨᠢ ᠦᠯᠢᠭᠡᠷДархан ноёнтой цэц булаалдсан нь үлгэр ᠳᠣᠮᠣᠭ ᠦᠯᠢᠭᠡᠷ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠳᠠᠷᠬᠠᠨ ᠨᠣᠶᠠᠨ ᠲᠠᠢ ᠴᠡᠴᠡ ᠪᠤᠯᠢᠶᠠᠯᠳᠤᠭᠰᠠᠨ ᠨᠢ ᠦᠯᠢᠭᠡᠷДархан ноёнтой цэц булаалдсан нь үлгэр

ᠳᠠᠷᠬᠠᠨ ᠨᠣᠶᠠᠨ ᠲᠠᠢ ᠴᠡᠴᠡ ᠪᠤᠯᠢᠶᠠᠯᠳᠤᠭᠰᠠᠨ ᠨᠢ ᠦᠯᠢᠭᠡᠷДархан ноёнтой цэц булаалдсан нь үлгэр

ᠠᠩᠭᠢᠯᠠᠯ:ᠳᠣᠮᠣᠭ ᠦᠯᠢᠭᠡᠷ
2023-07-15

438

ᠳᠠᠷᠬᠠᠨ ᠨᠣᠶᠠᠨ ᠲᠠᠢ ᠴᠡᠴᠡ ᠪᠤᠯᠢᠶᠠᠯᠳᠤᠭᠰᠠᠨ ᠨᠢ ᠦᠯᠢᠭᠡᠷ

    ᠪᠠᠳᠠᠢ ᠶᠡᠬᠡ ᠵᠠᠮ ᠳ᠋ᠤ᠌ ᠣᠷᠣᠵᠤ ᠶᠠᠪᠤᠭᠰᠠᠭᠠᠷ ᠦᠳᠡ ᠶ᠋ᠢᠨ ᠬᠠᠯᠠᠭᠤᠨ ᠪᠣᠯᠬᠤ ᠳ᠋ᠤ᠌ ᠶᠡᠬᠡᠳᠡ ᠶᠠᠳᠠᠷᠠᠭᠰᠠᠨ ᠲᠤᠯᠠ ᠵᠠᠮ ᠤ᠋ᠨ ᠬᠠᠵᠠᠭᠤ ᠳ᠋ᠤ᠌ ᠲᠦᠳᠡᠭ ᠭᠠᠯ ᠨᠣᠴᠣᠭᠠᠭᠠᠳ᠂ ᠬᠤᠪᠠ ᠬᠠᠷ᠎ᠠ ᠲᠣᠭᠣᠭᠠᠨ ᠳ᠋ᠠᠭᠠᠨ ᠤᠰᠤ ᠳᠦᠭᠦᠷᠭᠡᠨ ᠴᠠᠢ ᠪᠤᠴᠠᠯᠭᠠᠵᠤ ᠰᠠᠭᠤᠲᠠᠯ᠎ᠠ ᠨᠣᠶᠠᠨ ᠤ᠋ ᠲᠤᠷᠰᠢᠭᠤᠯ ᠪᠣᠯᠤᠯᠲᠠᠢ ᠨᠢᠭᠡᠨ ᠬᠢᠶ᠎ᠡ ᠬᠦᠷᠴᠦ ᠢᠷᠡᠭᠡᠳ᠄《ᠠᠢ ᠮᠠᠭᠤ ᠴᠢ ᠪᠠᠳᠢᠷᠴᠢᠨ᠂ ᠡᠨᠡ ᠵᠠᠮ ᠢ᠋ᠶ᠋ᠠᠷ ᠮᠢᠨᠦ ᠳᠠᠷᠬᠠᠨ ᠨᠣᠶᠠᠨ ᠮᠣᠷᠢᠯᠠᠵᠤ ᠶᠠᠪᠤᠭ᠎ᠠ ᠲᠤᠯᠠ ᠪᠤᠰᠢᠭᠤᠬᠠᠨ ᠵᠠᠮ ᠵᠠᠢᠯᠠ!》ᠭᠡᠰᠡᠨ ᠳ᠋ᠦ᠍ ᠪᠠᠳᠠᠢ᠄《ᠲᠠᠨ ᠤ᠋ ᠨᠣᠶᠠᠨ ᠬᠢᠷᠢ ᠵᠡᠷᠭᠡ ᠶ᠋ᠢᠨ ᠳᠠᠷᠬᠠᠨ ᠶᠤᠮ ᠳᠠ》ᠭᠡᠵᠦ ᠠᠰᠠᠭᠤᠭᠰᠠᠨ ᠳ᠋ᠤ᠌ ᠨᠥᠬᠥᠭᠡ ᠬᠢᠶ᠎ᠡ ᠠᠭᠤᠷ ᠨᠢ ᠬᠦᠷᠦᠭᠰᠡᠨ ᠪᠣᠯᠤᠯᠲᠠᠢ᠄《ᠶᠠᠮᠠᠷ ᠴᠤ᠌ ᠪᠠᠢᠭᠰᠠᠨ ᠡᠵᠡᠨ ᠬᠠᠭᠠᠨ ᠠ᠋ᠴᠠ ᠳᠠᠷᠬᠠᠨ ᠴᠣᠯᠠ ᠱᠠᠩᠨᠠᠭᠳᠠᠭᠰᠠᠨ ᠶᠤᠮ ᠲᠠ ᠬᠦ᠌᠂ ᠴᠢ ᠶᠠᠭᠠᠬᠢᠬᠤ ᠨᠢ ᠪᠣᠢ?》 ᠭᠡᠰᠡᠨ ᠳ᠋ᠦ᠍ ᠪᠠᠳᠠᠢ᠄《ᠲᠠᠨ ᠤ᠋ ᠨᠣᠶᠠᠨ ᠲᠡᠢᠮᠦ ᠳᠣᠷᠢᠭᠤᠨ ᠳᠠᠷᠬᠠᠨ ᠶᠤᠮ ᠪᠣᠯ ᠲᠡᠭᠦᠨ ᠢ᠋ᠶ᠋ᠡᠷ ᠴᠢᠨᠢ ᠮᠠᠭᠤ ᠲᠣᠭᠣᠭ᠎ᠠ ᠪᠠᠨ ᠬᠠᠳᠠᠭᠤᠯᠤᠶ᠎ᠠ ᠳᠠ》ᠭᠡᠰᠡᠨ ᠳ᠋ᠦ᠍ ᠬᠢᠶ᠎ᠡ ᠠᠭᠤᠷᠯᠠᠨ᠄《ᠮᠠᠭᠤ ᠲᠡᠨᠡᠭ ᠣᠯᠠᠨ ᠦᠭᠡ ᠳᠣᠩᠭᠣᠰᠤᠯ ᠦᠭᠡᠢ ᠵᠠᠮ ᠠ᠋ᠴᠠ ᠬᠣᠯᠠᠳ!》 ᠭᠡᠰᠡᠨ ᠳ᠋ᠦ᠍ ᠪᠠᠳᠠᠢ᠄《ᠬᠦᠢ ᠲᠡᠨᠡᠭ ᠠ᠋᠂ ᠴᠢᠮ᠎ᠠ ᠶ᠋ᠢ ᠵᠠᠢᠯᠠ ᠭᠡᠵᠦ ᠪᠠᠢᠨ᠎ᠠ》ᠭᠡᠳ ᠲᠠᠶᠠᠭ ᠢ᠋ᠶ᠋ᠠᠨ ᠵᠠᠮ ᠳᠡᠭᠡᠷ᠎ᠡ ᠨᠦᠳᠦᠭᠰᠡᠨ ᠳ᠋ᠦ᠍ ᠬᠢᠶ᠎ᠡ ᠳᠠᠰᠤᠯ ᠦᠭᠡᠢ ᠠᠭᠤᠷᠯᠠᠨ᠄《ᠵᠠ ᠴᠢ ᠭᠠᠢᠭᠤᠢ᠂ ᠢᠩᠭᠢᠭᠡᠳ ᠨᠣᠪᠰᠢᠷᠠᠵᠤ ᠪᠠᠢ ᠨᠣᠶᠠᠨ ᠳ᠋ᠤ᠌ ᠠᠢᠯᠠᠳᠬᠠᠭᠠᠳ ᠲᠣᠯᠣᠭᠠᠢ ᠶ᠋ᠢ ᠴᠢᠨᠢ ᠠᠪᠬᠠᠭᠤᠯᠤᠨ᠎ᠠ ᠳᠠ》 ᠭᠡᠳ ᠪᠤᠴᠠᠭᠠᠳ ᠬᠠᠷᠠᠢᠯᠭᠠᠭᠰᠠᠨ ᠳ᠋ᠤ᠌ ᠪᠠᠳᠠᠢ᠄《ᠬᠦᠢ ᠲᠠᠨ ᠤ᠋ ᠲᠡᠷᠡ ᠨᠣᠶᠠᠨ ᠴᠢᠨᠢ ᠲᠣᠯᠣᠭᠠᠢ ᠦᠭᠡᠢ ᠶᠦᠮ ᠦᠦ? ᠮᠢᠨᠦ ᠮᠠᠭᠤ ᠵᠠᠨᠲᠠᠭᠠᠷ ᠲᠣᠯᠣᠭᠠᠢ ᠲᠠᠭᠠᠷᠠᠬᠤ ᠦᠭᠡᠢ ᠪᠢᠵᠡ ᠳᠠ᠂ ᠭᠡᠵᠦ ᠠᠢᠯᠠᠳᠬᠠᠭᠠᠷᠠᠢ !》 ᠭᠡᠮᠡᠨ ᠬᠣᠢᠨ᠎ᠠ ᠠ᠋ᠴᠠ ᠨᠢ ᠬᠠᠰᠬᠢᠷᠴᠠᠢ᠃
ᠤᠳᠠᠭᠰᠠᠨ ᠴᠤ᠌ ᠦᠭᠡᠢ ᠨᠣᠶᠠᠨᠲᠠᠨ ᠪᠠᠷ᠎ᠠ ᠪᠣᠯᠤᠭᠴᠢ ᠪᠠᠨ ᠳᠠᠭᠠᠭᠤᠯᠤᠨ ᠬᠦᠷᠴᠦ ᠢᠷᠡᠬᠦ ᠳ᠋ᠦ᠍ ᠪᠠᠳᠠᠢ ᠵᠠᠮ ᠳᠡᠭᠡᠷ᠎ᠡ ᠨᠢ ᠬᠥᠨᠳᠡᠯᠡᠨ ᠭᠤᠯᠳᠤ ᠰᠠᠭᠤᠭᠠᠳ ᠲᠣᠮᠣ ᠬᠠᠷ᠎ᠠ ᠠᠶᠠᠭᠠᠨ ᠳ᠋ᠠᠭᠠᠨ ᠴᠠᠢ ᠳᠦᠭᠦᠷᠭᠡᠨ ᠤᠤᠭᠤᠵᠤ ᠰᠠᠭᠤᠭᠰᠠᠨ ᠳ᠋ᠤ᠌ ᠨᠣᠶᠠᠨᠲᠠᠨ ᠭᠠᠢᠬᠠᠨ ᠬᠠᠷᠠᠭᠠᠳ᠄《ᠡᠭᠦᠨ ᠦ᠌ ᠠᠶᠠᠭ᠎ᠠ ᠶ᠋ᠢ ᠨᠢ ᠬᠠᠷᠠᠭᠠᠴᠢ ᠳᠠ ᠨᠠᠷ᠂ ᠬᠤᠳᠳᠤᠭ ᠰᠢᠭ᠋ ᠯᠡ》 ᠭᠡᠵᠦ ᠳᠣᠷᠣᠮᠵᠢᠯᠠᠨ ᠬᠡᠯᠡᠬᠦ ᠳ᠋ᠦ᠍ ᠪᠠᠳᠠᠢ᠄《ᠡᠨᠡ ᠨᠣᠶᠠᠨ ᠤ᠋ ᠬᠤᠳᠳᠤᠭ ᠨᠢ ᠮᠢᠨᠦ ᠠᠶᠠᠭ᠎ᠠ ᠰᠢᠭ᠋ ᠪᠠᠢᠭ᠎ᠠ ᠶᠤᠮ ᠴᠢᠨᠢ᠂ ᠠᠳᠤᠭᠤ ᠨᠢ ᠭᠡᠵᠦ ᠵᠤᠷᠠᠮ᠎ᠠ ᠰᠢᠭ᠋ ᠯᠡ ᠶᠠᠭᠤᠮ᠎ᠠ ᠪᠠᠢᠭ᠎ᠠ ᠪᠠᠢᠬᠤ ᠳᠠ》 ᠭᠡᠪᠡᠯ ᠨᠣᠶᠠᠨ᠄《ᠡᠨᠡ ᠵᠣᠯᠢᠭ ᠤ᠋ᠨ ᠮᠠᠯᠠᠭᠠᠢ ᠶ᠋ᠢ ᠬᠠᠷᠠᠪᠠ ᠤᠤ ? ᠳᠡᠭᠡᠪᠦᠷ ᠰᠢᠭ ᠯᠡ》 ᠭᠡᠬᠦ ᠳ᠋ᠦ᠍ ᠪᠠᠳᠠᠢ᠄《ᠳᠡᠭᠡᠪᠦᠷ ᠨᠢ ᠮᠢᠨᠦ ᠮᠠᠯᠠᠭᠠᠢ ᠰᠢᠭ᠋ ᠶᠦᠮ ᠪᠣᠯ᠂ ᠨᠣᠶᠠᠨ ᠤ᠋ ᠥᠷᠭᠥᠭᠡ ᠨᠢ ᠡᠪᠡᠰᠦᠨ ᠣᠷᠣᠮᠵᠢ ᠯᠠ ᠪᠠᠢᠬᠤ ᠳᠠ》 ᠭᠡᠵᠦ ᠬᠡᠨᠡᠭ ᠦᠭᠡᠢ ᠬᠡᠯᠡᠭᠰᠡᠨ ᠳ᠋ᠦ᠍ ᠨᠣᠶᠠᠨᠲᠠᠨ ᠤ᠋ ᠠᠭᠤᠷ ᠪᠤᠴᠠᠯᠤᠨ᠄《ᠴᠢ ᠶᠡᠷᠦ ᠨᠢ ᠨᠠᠮ᠎ᠠ ᠶ᠋ᠢ ᠬᠡᠨ ᠭᠡᠵᠦ ᠪᠣᠳᠣᠭᠠᠳ ᠪᠠᠢᠨ᠎ᠠ ᠬᠦ᠌?》 ᠭᠡᠵᠦ ᠣᠮᠣᠭ ᠲᠠᠢ ᠠᠰᠠᠭᠤᠭᠰᠠᠨ ᠳ᠋ᠤ᠌ ᠪᠠᠳᠠᠢ᠄《ᠲᠡᠭᠡᠪᠡᠯ ᠲᠠ ᠨᠠᠮ᠎ᠠ ᠶ᠋ᠢ ᠪᠠᠰᠠ ᠬᠡᠨ ᠭᠡᠵᠦ ᠪᠣᠳᠣᠭᠠᠳ ᠪᠠᠢᠨ᠎ᠠ?》 ᠭᠡᠵᠦ ᠠᠰᠠᠭᠤᠭᠰᠠᠨ ᠳ᠋ᠤ᠌ ᠨᠣᠶᠠᠨᠲᠠᠨ᠄《ᠨᠠᠮ᠎ᠠ ᠶ᠋ᠢ ᠨᠣᠶᠠᠨ ᠭᠡᠳᠡᠭ ᠶᠦᠮ᠂ ᠴᠢᠮ᠎ᠠ ᠶ᠋ᠢ ᠨᠢᠰᠦ ᠭᠡᠳᠡᠭ ᠶᠦᠮ》 ᠭᠡᠰᠡᠨ ᠳ᠋ᠦ᠍ ᠪᠠᠳᠠᠢ᠄《 ᠬᠥᠥᠭ ᠲᠠᠨ ᠤ᠋ ᠬᠦᠦ ᠶ᠋ᠢᠨ ᠬᠠᠮᠠᠷ ᠠ᠋ᠴᠠ ᠨᠠᠳᠠ ᠰᠢᠭ᠋ ᠡᠢᠮᠦ ᠲᠣᠮᠣ ᠨᠢᠰᠦ ᠭᠠᠷᠳᠠᠭ ᠪᠠᠢᠬᠤ ᠨᠢ ᠠ᠋ ᠂ ᠲᠡᠭᠡᠬᠦ ᠪᠡᠷ ᠮᠥᠨ ᠴᠦ᠍ ᠲᠣᠮᠣ ᠬᠠᠮᠠᠷᠳᠠᠢ ᠬᠦᠦ ᠲᠡᠢ ᠶᠦᠮ ᠳ᠋ᠠ᠂ ᠳᠠ》ᠭᠡᠰᠡᠨ ᠳ᠋ᠦ᠍ ᠠᠯᠪᠠᠲᠤ ᠨᠠᠷ ᠨᠢ ᠢᠨᠢᠶᠡᠳᠦ ᠠᠯᠳᠠᠵᠠᠢ ᠭᠡᠨ᠎ᠡ᠃
    ᠳᠠᠷᠬᠠᠨ ᠨᠣᠶᠠᠨ ᠡᠭᠦᠨ ᠲᠡᠢ ᠶᠠᠭᠤᠮ᠎ᠠ ᠶᠠᠷᠢᠪᠠᠯ ᠢᠴᠢᠭᠦᠷᠢ ᠪᠣᠯᠵᠤ ᠮᠡᠳᠡᠨ᠎ᠡ ᠭᠡᠵᠦ ᠪᠣᠯᠭᠣᠮᠵᠢᠯᠠᠭᠠᠳ ᠶᠠᠭᠤ ᠴᠤ᠌ ᠬᠡᠯᠡᠯ ᠦᠭᠡᠢ ᠲᠣᠭᠣᠷᠢᠨ ᠶᠠᠪᠤᠵᠠᠢ ᠭᠡᠨ᠎ᠡ᠃

   ᠦᠰᠦᠭ ᠠᠮᠢᠯᠠᠭᠤᠯᠤᠭᠴᠢ᠄ ᠲᠦᠮᠡᠳ ᠤᠨᠳᠤᠷᠮ᠎ᠠ
                            ᠬᠣᠩ ᠮᠧᠢ
   ᠦᠰᠦᠭ ᠬᠠᠲᠠᠭᠰᠠᠨ ᠨᠢ᠄ ᠬᠣᠩ ᠮᠧᠢ
   ᠬᠢᠨᠠᠭᠴᠢ ᠄ ᠢᠷᠡᠭᠡᠳᠦᠢ