5-9-10ᠲᠣᠪᠳᠠᠨᠨᠢᠮ᠎ᠠ ᠶ᠋ᠢᠨ ᠡᠮᠴᠢᠯᠡᠭᠡᠨ ᠦ᠌ ᠵᠣᠷ ᠵᠠᠰᠠᠯ- ᠬᠦᠴᠦᠵᠢᠭᠦᠯᠬᠦ ᠠᠷᠭ᠎ᠠ᠂ ᠲᠥᠷᠥᠯ ᠦ᠋ᠨ ᠦᠷᠭᠦᠯᠵᠢ ᠶ᠋ᠢ ᠲᠠᠰᠤᠯᠬᠤ ᠡᠷᠡᠭᠦᠯ ᠡᠩᠬᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. 5-9-10ᠲᠣᠪᠳᠠᠨᠨᠢᠮ᠎ᠠ ᠶ᠋ᠢᠨ ᠡᠮᠴᠢᠯᠡᠭᠡᠨ ᠦ᠌ ᠵᠣᠷ ᠵᠠᠰᠠᠯ- ᠬᠦᠴᠦᠵᠢᠭᠦᠯᠬᠦ ᠠᠷᠭ᠎ᠠ᠂ ᠲᠥᠷᠥᠯ ᠦ᠋ᠨ ᠦᠷᠭᠦᠯᠵᠢ ᠶ᠋ᠢ ᠲᠠᠰᠤᠯᠬᠤ

5-9-10ᠲᠣᠪᠳᠠᠨᠨᠢᠮ᠎ᠠ ᠶ᠋ᠢᠨ ᠡᠮᠴᠢᠯᠡᠭᠡᠨ ᠦ᠌ ᠵᠣᠷ ᠵᠠᠰᠠᠯ- ᠬᠦᠴᠦᠵᠢᠭᠦᠯᠬᠦ ᠠᠷᠭ᠎ᠠ᠂ ᠲᠥᠷᠥᠯ ᠦ᠋ᠨ ᠦᠷᠭᠦᠯᠵᠢ ᠶ᠋ᠢ ᠲᠠᠰᠤᠯᠬᠤ

ᠠᠩᠭᠢᠯᠠᠯ:ᠡᠷᠡᠭᠦᠯ ᠡᠩᠬᠡ
2023-07-15

344

ᠬᠦᠴᠦᠵᠢᠭᠦᠯᠬᠦ ᠠᠷᠭ᠎ᠠ᠂ ᠲᠥᠷᠥᠯ ᠦ᠋ᠨ ᠦᠷᠭᠦᠯᠵᠢ ᠶ᠋ᠢ ᠲᠠᠰᠤᠯᠬᠤ

ᠶᠢᠰᠦ᠂ ᠬᠦᠴᠦᠵᠢᠭᠦᠯᠬᠦ ᠠᠷᠭ᠎ᠠ 
ᠵᠣᠪᠠᠯᠠᠩ ᠳ᠋ᠤᠷ ᠨᠡᠷᠪᠡᠭᠳᠡᠭᠰᠡᠨ ᠠᠮᠢᠲᠠᠨ ᠤ᠋ ᠲᠤᠰᠠ ᠳ᠋ᠤᠷ 
ᠵᠣᠯ ᠵᠢᠷᠭᠠᠯ ᠠᠯᠢ ᠨᠢᠭᠡᠨ ᠢ᠋ ᠪᠦᠲᠦᠭᠡᠬᠦᠢ ᠳ᠋ᠦ᠍ᠷ ᠪᠣᠯᠪᠠᠰᠤ 
ᠵᠣᠷᠢᠭ ᠰᠢᠭᠤᠳᠤᠨ ᠦᠢᠯᠡᠳᠬᠦ ᠨᠢ ᠳᠡᠭᠡᠳᠦᠰ ᠦ᠋ᠨ ᠨᠣᠮᠯᠠᠯ ᠮᠥᠨ᠂ 
ᠵᠣᠷᠢᠯᠲᠠ ᠭᠦᠰᠡᠯᠲᠡᠨ ᠳ᠋ᠦ᠍ ᠪᠠᠶᠠᠰᠬᠤᠯ ᠡᠭᠦᠰᠬᠡᠬᠦ ᠶ᠋ᠢᠨ ᠲᠤᠯᠠ 
ᠪᠡᠶ᠎ᠡ ᠶ᠋ᠢᠨ ᠲᠠᠮᠢᠷ ᠳᠡᠭᠵᠢᠷᠡᠬᠦ ᠶ᠋ᠢᠨ ᠠᠷᠭ᠎ᠠ ᠠ᠋ᠴᠠ 
ᠪᠠᠨᠽᠠᠷ※( ᠸᠴᠢᠷ) ᠪᠣᠰᠬᠤ ᠶ᠋ᠢᠨ ᠨᠠᠢᠷᠠᠯᠭ᠎ᠠ ᠶ᠋ᠢ ᠦᠵᠡᠭᠦᠯᠦᠶ᠎ᠡ᠃ 
ᠤᠤᠭᠤᠬᠤ ᠡᠮ᠄ ᠰᠸᠪᠤᠢ᠍ᠷᠦ᠂ ᠷᠦᠳᠠ᠂ ᠪᠠᠷᠠᠬᠱᠤᠢ᠍ᠨ᠂ ᠠᠷᠤᠷ᠎ᠠ ᠵᠡᠷᠭᠡ ᠪᠡᠷ ᠮᠠᠬᠠᠪᠣᠳ ᠢ᠋ ᠲᠡᠭᠰᠢᠳᠬᠡᠨ᠂ ᠢᠯᠴᠢ ᠶ᠋ᠢ  ᠡᠭᠦᠰᠬᠡ᠃ ᠸᠠᠩᠯᠠᠭ ᠢ᠋ ᠰᠠᠢᠲᠤᠷ ᠨᠤᠬᠤᠵᠤ ᠰᠢᠬᠢᠷ ᠲᠡᠢ ᠨᠠᠢᠷᠠᠭᠤᠯᠤᠨ᠂ ᠦᠨᠢᠶᠡᠨ ᠰᠦ᠍ ᠶ᠋ᠢ ᠪᠤᠴᠠᠯᠭᠠᠵᠤ ᠳᠠᠷᠤᠭᠤᠯᠤᠨ ᠦᠭᠪᠡᠰᠦ ᠲᠥᠯᠵᠢᠭᠦᠯᠬᠦ ᠶ᠋ᠢᠨ ᠳᠡᠭᠡᠳᠦ᠃ ᠦᠨᠢᠶᠡᠨ ᠰᠦᠨ ᠳ᠋ᠦ᠍ ᠰᠢᠩ ᠠᠷ᠂ ᠪᠤᠷᠠᠮ ᠢ᠋ ᠨᠠᠢᠷᠠᠭᠤᠯᠤᠨ ᠪᠤᠴᠠᠯᠭᠠᠵᠤ ᠥᠭᠪᠡᠰᠦ ᠬᠦᠰᠡᠯ ᠡᠳ᠋ᠯᠡᠬᠦ ᠶ᠋ᠢᠨ ᠪᠠᠶᠠᠷ ᠢ᠋ ᠠᠷᠪᠢᠵᠢᠭᠤᠯᠤᠮᠤᠢ᠃ ᠦᠨᠢᠶᠡᠨ ᠰᠦ᠍ ᠶ᠋ᠢ ᠰᠠᠢᠲᠤᠷ ᠰᠢᠷᠭᠢᠭᠡᠭᠰᠡᠨ ᠬᠠᠨᠳᠠ ᠳ᠋ᠤ᠌ ᠪᠣᠷᠣ ᠳ᠋ᠠᠵᠢᠳ᠂ ᠡᠷ᠎ᠡ ᠪᠣᠭᠱᠣᠷᠭ᠎ᠠ ᠶ᠋ᠢᠨ ᠮᠢᠬ᠎ᠠ᠂ ᠤᠬᠤᠨ᠎ᠠ ᠬᠤᠴᠠ ᠶ᠋ᠢᠨ ᠢᠮ2 ᠴᠢᠨ᠂ ᠠᠯᠲᠠᠨ ᠥᠩᠭᠡᠲᠦ ᠠᠷᠤᠷ᠎ᠠ᠂ ᠨᠢᠰᠢᠩ᠂ ᠳ᠋ᠧᠯᠭᠠᠷ( ᠴᠠᠭᠠᠨ ᠬᠦᠨᠵᠢᠳ)᠂ ᠭᠡᠷᠡᠯ ᠲᠡᠭᠦᠰ ᠵᠣᠩᠰᠢ ᠨᠢᠵᠡᠭᠡᠳ ᠴᠢᠨ ᠦ᠌ ᠬᠡᠮᠵᠢᠶ᠎ᠡ᠂ ᠸᠠᠩᠯᠠᠭ᠋3 ᠴᠢᠨ ᠨᠠᠢᠷᠠᠭᠤᠯᠤᠭᠰᠠᠨ ᠮᠥᠬᠥᠯᠢᠭ ᠢᠨᠤ ᠶᠡᠬᠡ ᠯᠣᠨᠳᠣᠨ ᠤ᠋ ᠲᠡᠳᠦᠢ ᠶ᠋ᠢ ᠦᠷ ᠴᠠᠢᠬᠤ ᠳ᠋ᠤ᠌ ᠨᠢᠵᠡᠭᠡᠳ ᠬᠡᠮᠡᠯᠢᠪᠡᠰᠦ ᠪᠡᠶ᠎ᠡ ᠶ᠋ᠢᠨ ᠬᠦᠴᠦᠨ ᠡᠭᠦᠰᠴᠦ᠂ ᠵᠢᠰᠦ ᠥᠩᠭᠡ᠂ ᠡᠷᠬᠡᠲᠡᠨ ᠲᠣᠳᠣᠷᠠᠵᠤ ᠬᠦᠰᠡᠯ ᠲᠡᠭᠦᠰ᠂ ᠡᠷ᠎ᠡ ᠶ᠋ᠢᠨ ᠪᠠᠶᠠᠰᠬᠤᠯᠠᠩ ᠪᠠᠷᠠᠭᠳᠠᠰᠢ ᠦᠭᠡᠢ᠃ ᠵᠣᠩᠰᠢ᠂ ᠴᠠᠭᠠᠨ ᠲᠣᠰᠣ᠂ ᠪᠤᠷᠠᠮ᠂ ᠰᠢᠩ ᠠᠷ᠂ ᠵᠢᠭᠠᠷ᠂ ᠳ᠋ᠣᠮᠷᡁᠢ ᠨᠤᠭᠤᠳ ᠢ᠋ ᠰᠦᠨ ᠳ᠋ᠦ᠍ ᠵᠢᠭᠤᠷᠠᠵᠤ ᠤᠤᠭᠤᠪᠠᠰᠤ ᠬᠦᠰᠡᠯ ᠮᠠᠰᠢ ᠶᠡᠬᠡᠳᠬᠦ ᠪᠣᠯᠠᠢ᠃ ᠴᠠᠭᠠᠨ ᠪᠤᠷᠭᠠᠰᠤᠨ ᠦᠨᠳᠦᠰᠦ᠂ ᠮᠣᠨ ᠪᠤᠷᠴᠠᠭ᠂ ᠴᠠᠭᠠᠨ ᠨᠣᠬᠠᠢ ᠶ᠋ᠢᠨ ᠬᠠᠲᠠᠭᠠᠭᠰᠠᠨ ᠸᠴᠢᠷ ᠢ᠋ ᠨᠠᠢᠷᠠᠭᠤᠯᠤᠨ ᠳᠦᠷᠭᠢᠪᠡᠰᠦ ᠭᠤᠴᠢᠨ ᠵᠢᠷᠭᠤᠭᠠᠨ ᠬᠣᠨᠣᠭ ᠪᠣᠯᠲᠠᠯ᠎ᠠ ᠸᠴᠢᠷ ᠨᠣᠮᠣᠬᠠᠷᠠᠬᠤ ᠦᠭᠡᠢ ᠪᠣᠯᠤᠮᠤᠢ᠃ ᠴᠠᠭᠠᠨ ᠨᠣᠬᠠᠢ ᠶ᠋ᠢᠨ ᠬᠡᠯᠡ ᠪᠤᠶᠤ ᠡᠷ᠎ᠡ ᠪᠡᠯᠭᠡ ᠠᠯᠢ ᠨᠢ ᠣᠯᠳᠠᠬᠤ ᠪᠠᠷ᠂ ᠳ᠋ᠣᠩᠷᠣᠢ᠂ ᠷᠦᠳᠠ᠂ ᠲᠠᠭᠲᠠᠭ᠎ᠠ ᠶ᠋ᠢᠨ ᠬᠣᠷᠭᠣᠯ ᠵᠡᠷᠭᠡ ᠶ᠋ᠢ ᠲᠠᠯᠬᠠᠳᠠᠵᠤ ᠪᠠᠯ ᠳ᠋ᠤ᠌ ᠵᠢᠭᠤᠷᠠᠵᠤ ᠸᠴᠢᠷ ᠲᠦ᠍ ᠲᠦᠷᠬᠢᠪᠡᠰᠦ ᠬᠤᠷᠢᠴᠠᠯ ᠡᠳ᠋ᠯᠡᠬᠦ ᠶ᠋ᠢᠨ ᠦᠶᠡᠰ ᠲᠦ᠍ ᠮᠠᠰᠢ ᠬᠠᠨᠤᠮᠵᠢᠲᠠᠢ ᠪᠠᠢᠳᠠᠭ᠋᠃ ᠭᠠᠪᠤᠷ᠂ ᠪᠢᠯᠡ (ᠡᡁᠨᠯᠦ ᠶ᠋ᠢᠨ ᠦᠨᠳᠦᠰᠦ)᠂ ᠵᠠᠵᠢᠭ᠋ ᠭᠤᠷᠪᠠ ᠶ᠋ᠢ ᠪᠸᠳᠶ᠎ᠠ ᠡᠬᠡ※ ᠶ᠋ᠢᠨ ᠴᠢᠰᠤᠨ ᠯᠤᠭ᠎ᠠ ᠨᠠᠢᠷᠠᠭᠤᠯᠤᠭᠰᠠᠨ ᠲᠡᠭᠦᠨ ᠢ᠋ ᠬᠦᠰᠡᠯ ᠡᠳ᠋ᠯᠡᠬᠦ ᠶ᠋ᠢᠨ ᠦᠶᠡᠰ ᠲᠦ᠍ ᠡᠬᠡᠨᠡᠷ ᠦ᠋ᠨ ᠪᠡᠯᠭᠡ ᠳ᠋ᠦ᠍ ᠲᠦᠷᠬᠢᠪᠡᠰᠦ ᠥᠪᠡᠷ ᠦ᠋ᠨ ᠪᠡᠶ᠎ᠡ ᠳ᠋ᠦ᠍ ᠰᠠᠨᠠᠭ᠎ᠠ ᠡᠷᠭᠢᠬᠦ ᠮᠠᠭᠠᠳ ᠶᠤᠮ᠃ ᠵᠢᠭᠠᠷ᠂ ᠷᠦᠳᠠ ᠶ᠋ᠢ ᠬᠤᠪᠢ ᠰᠠᠴᠠᠭᠤ ᠰᠠᠢᠲᠤᠷ ᠨᠤᠬᠤᠵᠤ ᠪᠠᠯ ᠳ᠋ᠤ᠌ ᠮᠦᠬᠦᠯᠢᠭᠳᠡᠨ ᠡᠮᠡᠭᠲᠡᠢ ᠶ᠋ᠢᠨ ᠪᠡᠯᠭᠡ ᠳ᠋ᠦ᠍ ᠣᠷᠣᠭᠤᠯᠪᠠᠰᠤ ᠪᠡᠯᠭᠡ ᠪᠠᠭ᠎ᠠ ᠪᠣᠯᠤᠨ᠎ᠠ᠃ ᠰᠤᠮᠠᠷᠠᠨᠽᠠ ᠶ᠋ᠢᠨ ᠨᠠᠪᠴᠢ ᠬᠢᠭᠡᠳ ᠬᠠᠷ᠎ᠠ ᠲᠠᠩᠪᠣᠷᠣᠮ ᠤ᠋ᠨ ᠦᠨᠳᠦᠰᠦ ᠬᠣᠶᠠᠷ ᠢ᠋ ᠬᠤᠪᠢ ᠰᠠᠴᠠᠭᠤ ᠰᠠᠢᠲᠤᠷ ᠨᠤᠬᠤᠭᠠᠳ ᠵᠠᠯᠠᠭᠤᠰ ᠤ᠋ᠨ ᠰᠢᠭᠡᠰᠦᠨ ᠳ᠋ᠦ᠍ ᠲᠠᠷᠠᠭ ᠤ᠋ᠨ ᠲᠡᠳᠦᠢ ᠬᠣᠯᠢᠵᠤ ᠥᠪᠡᠷ ᠢ᠋ᠶ᠋ᠡᠨ ᠪᠤᠶᠤ ᠲᠠᠮᠢᠷ ᠮᠠᠭᠤᠲᠠᠢ ᠪᠤᠰᠤᠳ ᠤ᠋ᠨ ᠡᠷ᠎ᠡ ᠲᠡᠮᠳᠡᠭ ᠲᠦ᠍ ᠲᠦᠷᠬᠢᠪᠡᠰᠦ ᠪᠦᠳᠦᠭᠦᠨ᠂ ᠤᠷᠲᠤ᠂ ᠴᠢᠩᠭ᠎ᠠ ᠪᠣᠯᠤᠮᠤᠢ᠃ ᠡᠰᠡᠪᠡᠰᠦ ᠪᠠᠳᠮᠠᠭᠡᠰᠸᠷ᠂ ᠬᠥᠬᠡ ᠤᠳᠪᠠᠯᠠ ᠰᠢᠬᠢᠷ ᠦ᠋ᠳ ᠢ᠋ ᠪᠠᠯ ᠲᠠᠢ ᠨᠠᠢᠷᠠᠭᠤᠯᠵᠤ ᠬᠦᠢᠰᠦᠨ ᠳ᠋ᠦ᠍ᠨᠢ ᠲᠦᠷᠬᠢ᠃ ᠬᠠᠨᠤᠯ ᠪᠠᠷᠢᠯᠳᠤᠯᠭ᠎ᠠ ᠵᠡᠷᠭᠡ ᠪᠡᠷ ᠪᠣᠯᠬᠤ ᠶᠤᠮ᠃ ᠪᠠᠰᠠ ᠶᠸᠷᠮ᠎ᠡ᠂ ᠥᠪᠡᠷ ᠦ᠋ᠨ ᠬᠥᠷᠥᠩᠭᠡ᠂ ᠡᠷ᠎ᠡ ᠴᠠᠭᠠᠨ ᠨᠣᠬᠠᠢ ᠶ᠋ᠢᠨ ᠪᠡᠯᠭᠡ ᠶ᠋ᠢ ᠵᠢᠭᠰᠠᠭᠠᠨ ᠨᠠᠢᠷᠠᠭᠤᠯᠵᠤ᠂ ᠸᠴᠢᠷ ᠲᠦ᠍ ᠲᠦᠷᠬᠢᠪᠡᠰᠦ ᠬᠦᠰᠡᠯ ᠡᠳ᠋ᠯᠡᠭᠴᠢ ᠶ᠋ᠢᠨ ᠪᠠᠶᠠᠰᠬᠤᠯ ᠢ᠋ ᠡᠭᠦᠰᠬᠡᠮᠦᠢ᠃
ᠠᠰᠤᠷᠤ ᠬᠡᠲᠦᠷᠡᠭᠰᠡᠨ ᠪᠤᠷᠤᠭᠤ ᠶ᠋ᠢ ᠳᠠᠷᠤᠬᠤ ᠳ᠋ᠤ᠌ ᠵᠠᠩᠪᠤᠢ᠍ᠯ᠂ ᠵᠠᠵᠢᠭ᠋᠂ ᠼᠠᠯᠠ ᠤ᠋ᠳ ᠨᠢᠵᠡᠭᠡᠳ ᠴᠢᠨ ᠢ᠋ ᠰᠠᠢᠲᠤᠷ ᠨᠤᠬᠤᠵᠤ ᠱᠤᠮᠬᠠᠨ ᠤ᠋ ᠤᠰᠤᠨ ᠳ᠋ᠤ᠌ ᠤᠬᠢᠶᠠᠨ ᠦᠢᠯᠡᠳᠪᠡᠰᠦ ᠠᠮᠤᠷ ᠪᠣᠯᠤᠨ᠎ᠠ᠃ ᠡᠬᠡᠨᠡᠷ ᠦ᠋ᠨ ᠰᠢᠭᠡᠰᠦ ᠪᠡᠷ ᠤᠬᠢᠶᠠᠪᠠᠴᠤ ᠠᠮᠤᠷ ᠪᠣᠯᠤᠨ᠎ᠠ᠃ ᠲᠠᠴᠢᠶᠠᠯ ᠲᠥᠷᠥᠬᠦ ᠶ᠋ᠢ ᠦᠯᠦ ᠬᠦᠰᠡᠪᠡᠰᠦ ᠮᠠᠨᠤ᠂ ᠭᠠᠵᠠ᠂ ᠵᠠᠩᠪᠤᠢ᠍ᠯ ᠭᠤᠷᠪᠠ ᠶ᠋ᠢ ᠶᠦᠩᠸ᠎ᠠ ᠲᠠᠢ ᠨᠠᠢᠷᠠᠭᠤᠯᠵᠤ᠂ ᠪᠤᠴᠠᠯᠤᠭᠰᠠᠨ ᠤᠰᠤᠨ ᠳ᠋ᠤ᠌ ᠲᠠᠯᠪᠢᠨ ᠥᠯᠥᠨ ᠢ᠋ᠶ᠋ᠡᠷ ᠤᠤᠭᠤᠪᠠᠰᠤ ᠠᠪᠢᠶᠠᠰ ᠦᠯᠦ ᠲᠦᠷᠦᠮᠦᠢ᠃ ᠡᠰᠡᠪᠡᠰᠦ ᠪᠤᠷᠴᠠᠭ ᠤ᠋ᠨ ᠴᠡᠴᠡᠭ᠂ ᠬᠣᠨᠢᠨ ᠤ᠋ ᠬᠡᠪᠲᠡᠰᠢ( ᠰᠠᠪᠠ)᠂ ᠮᠣᠷᠢᠨ ᠤ᠋ ᠬᠠᠯᠢᠶᠠᠰᠤ( ᠬᠠᠭ᠋) ᠢ᠋ ᠰᠠᠢᠲᠤᠷ ᠨᠤᠬᠤᠵᠤ ᠨᠠᠢ᠍ᠮᠠᠨ ᠨᠠᠰᠤᠲᠠᠢ ᠥᠬᠢᠨ ᠦ᠌ ᠰᠢᠭᠡᠰᠦᠨ ᠳ᠋ᠦ᠍ ᠲᠠᠯᠪᠢᠵᠤ ᠥᠭᠪᠡᠰᠦ ᠸᠴᠢᠷ ᠨᠢ ᠦᠯᠦ ᠪᠣᠰᠤᠨ ᠲᠠᠴᠢᠶᠠᠯ ᠲᠥᠷᠥᠬᠦ ᠦᠭᠡᠢ ᠪᠣᠯᠠᠢ᠃

ᠠᠷᠪᠠ᠂ ᠲᠥᠷᠥᠯ ᠦ᠋ᠨ ᠦᠷᠭᠦᠯᠵᠢ ᠶ᠋ᠢ ᠲᠠᠰᠤᠯᠬᠤ
ᠡᠮᠡᠭᠲᠡᠢ ᠶ᠋ᠢᠨ ᠲᠥᠷᠥᠬᠦ ᠶ᠋ᠢᠨ ᠡᠭᠦᠳᠡ ᠶ᠋ᠢ ᠲᠠᠰᠤᠯᠬᠤ ᠠᠷᠭ᠎ᠠ᠄
ᠵᠢᠭᠠᠷ᠂ ᠵᠠᠵᠢᠭ᠋᠂ ᠮᠣᠷᠢᠨ ᠴᠢᠰᠤ ᠪᠠᠷ ᠭᠤᠷᠪᠠᠨ ᠵᠢᠯ ᠲᠠᠰᠤᠯᠵᠤ ᠴᠢᠳᠠᠬᠤ᠂ ᠤᠯᠠᠭᠠᠨ ᠬᠣᠰᠢᠭᠤᠲᠤ ᠶ᠋ᠢᠨ ᠴᠢᠰᠤ᠂ ᠵᠢᠭᠠᠷ ᠢ᠋ ᠨᠠᠢᠷᠠᠭᠤᠯᠪᠠᠰᠤ ᠣᠭᠲᠣ ᠦᠯᠦ ᠲᠥᠷᠥᠬᠦ᠃ ᠵᠠᠵᠢᠭ᠋᠂ ᠶᠦᠩᠸ᠎ᠠ ᠬᠣᠶᠠᠷ ᠢ᠋ᠶ᠋ᠠᠷ ᠨᠢᠭᠡ ᠵᠢᠯ ᠲᠠᠰᠤᠯᠵᠤ ᠴᠢᠳᠠᠬᠤ᠂ ᠵᠢᠭᠠᠷ᠂ ᠪᠡᠬᠡ ᠶ᠋ᠢ ᠨᠠᠢᠷᠠᠭᠤᠯᠪᠠᠰᠤ ᠨᠢᠭᠡ ᠵᠢᠯ ᠢ᠋ ᠴᠢᠳᠠᠬᠤ᠂ ᠵᠢᠭᠠᠷ ᠢ᠋ ᠠᠷᠢᠬᠢᠨ ᠳ᠋ᠤ᠌ ᠨᠠᠢᠷᠠᠭᠤᠯᠪᠠᠰᠤ ᠭᠤᠷᠪᠠᠨ ᠵᠢᠯ ᠴᠢᠳᠠᠬᠤ᠃ ᠡᠮ ᠥᠭᠬᠦ ᠶ᠋ᠢᠨ ᠤᠷᠢᠳ ᠶᠸᠷᠮ᠎ᠡ ᠲᠡᠢ ᠤᠰᠤ ᠪᠠᠷ ᠰᠤᠳᠠᠯ ᠤ᠋ᠨ ᠠᠮᠠ ᠶ᠋ᠢ ᠨᠡᠭᠡᠭᠡᠵᠦ᠂ ᠬᠣᠢᠨ᠎ᠠ ᠨᠢ ᠳ᠋ᠣᠮᠷᡁᠢ ᠲᠡᠷᠢᠭᠦᠲᠡᠨ ᠢ᠋ᠶ᠋ᠡᠷ ᠰᠤᠳᠠᠯ ᠤ᠋ᠨ ᠠᠮᠠ ᠶ᠋ᠢ ᠪᠣᠭᠣᠲᠤᠭᠠᠢ᠃ ᠣᠨᠴᠣᠭᠣᠢ ᠪᠠᠢᠳᠠᠯ ᠠ᠋ᠴᠠ ᠪᠤᠰᠤᠳ ᠦᠯᠦ ᠪᠣᠯᠬᠤ᠂ ᠦᠢᠯᠡᠷ ᠬᠢᠯᠭᠡᠭᠴᠢ ᠶᠡᠬᠡ᠃

   ᠦᠰᠦᠭ ᠠᠮᠢᠯᠠᠭᠤᠯᠤᠭᠰᠠᠨ ᠨᠢ᠄ ᠦᠯᠵᠡᠢᠪᠠᠭᠠᠲᠤᠷ
   ᠬᠢᠨᠠᠭᠰᠠᠨ ᠨᠢ᠄ ᠣᠳᠬᠠᠨᠰᠣ᠎ᠠ