ᠴᠣᠭᠲᠤ ᠲᠠᠢᠵᠢЦогт тайж-1945
«ᠴᠣᠭᠲᠤ ᠲᠠᠢᠵᠢ» — 1945 ᠣᠨ ᠳᠤ ᠪᠦᠲᠦᠭᠰᠡᠨ᠂ ᠮᠣᠩᠭᠣᠯ ᠤᠨ 2 ᠠᠩᠭᠢ ᠲᠠᠢ ᠤᠷᠠᠨ ᠰᠠᠢᠬᠠᠨ ᠤ ᠺᠢᠨᠣ᠋᠃
ᠤᠭ ᠺᠢᠨᠣ᠋ ᠳᠡᠯᠭᠡᠴᠡᠨ ᠳᠦ ᠭᠠᠷᠤᠭᠰᠠᠨ ᠨᠢ ᠮᠣᠩᠭᠣᠯ ᠤᠨ ᠺᠢᠨᠣ᠋ ᠤᠷᠠᠯᠢᠭ ᠲᠤ ᠮᠡᠷᠭᠡᠵᠢᠯ ᠦᠨ ᠤᠷᠠᠨ ᠪᠦᠲᠦᠭᠡᠯᠴᠢᠳ ᠲᠥᠷᠥᠨ ᠭᠠᠷᠴᠤ᠂ ᠪᠡᠶ᠎ᠡ ᠳᠠᠩ ᠪᠦᠲᠦᠭᠡᠯ ᠲᠤᠭᠤᠷᠪᠢᠬᠤ ᠥᠷᠭᠡᠨ ᠪᠣᠯᠤᠮᠵᠢ ᠨᠡᠭᠡᠭᠡᠭᠳᠡᠭᠰᠡᠨ ᠢ ᠵᠠᠷᠯᠠᠨ ᠲᠤᠩᠬᠠᠭᠯᠠᠭᠰᠠᠨ ᠰᠠᠢᠬᠠᠨ ᠵᠦᠢᠯ ᠪᠠᠢᠯ᠎ᠠ᠃ ᠮᠣᠩᠭᠣᠯ ᠺᠢᠨᠣ᠋ ᠦᠢᠯᠡᠳᠪᠦᠷᠢ ᠶᠢᠨ ᠪᠦᠬᠦ ᠰᠠᠯᠪᠤᠷᠢ᠂ ᠲᠠᠰᠤᠭ ᠤᠨ ᠠᠵᠢᠯᠴᠢᠳ ᠣᠷᠣᠯᠴᠠᠭᠰᠠᠨ᠂ ᠮᠥᠨ ᠮᠡᠷᠭᠡᠵᠢᠯ ᠦᠨ ᠲᠧᠭᠨᠢᠭᠴᠢᠳᠦ᠂ ᠬᠠᠮᠲᠤ ᠣᠯᠠᠨ ᠪᠥᠷᠢᠯᠳᠦᠨ ᠲᠣᠭᠲᠠᠵᠠᠢ᠃ ᠡᠨᠡ ᠺᠢᠨᠣᠨ ᠤ ᠨᠢᠭᠡ ᠣᠨᠴᠠᠯᠢᠭ ᠨᠢ ᠡᠳᠦᠭᠡ 《ᠠᠯᠲᠠᠨ ᠦᠶ᠎ᠡ ᠶᠢᠨ ᠬᠢᠨ》 ᠬᠡᠮᠡᠨ ᠨᠡᠷᠡᠯᠡᠭᠳᠡᠬᠦ ᠪᠣᠯᠤᠭᠰᠠᠨ ᠮᠣᠩᠭᠣᠯ ᠤᠨ ᠮᠡᠷᠭᠡᠵᠢᠯ ᠦᠨ ᠤᠷᠠᠨ ᠪᠦᠲᠦᠭᠡᠯᠴᠢᠳ ᠥᠪᠡᠷᠰᠡᠳ ᠦᠨ ᠢᠶᠡᠨ ᠤᠷ᠎ᠠ ᠴᠢᠳᠠᠪᠤᠷᠢ ᠶᠢ ᠰᠣᠷᠢᠵᠤ᠂ ᠠᠩᠬᠠᠨ ᠤ ᠭᠠᠷᠤᠭ᠎ᠠ ᠪᠠᠨ ᠠᠮᠵᠢᠯᠲᠠ ᠲᠠᠢ ᠡᠬᠢᠯᠡᠭᠰᠡᠨ ᠳᠦ ᠣᠷᠣᠰᠢᠨ᠎ᠠ᠃
ᠮᠣᠩᠭᠣᠯ ᠤᠨ ᠲᠢᠶᠠᠲ᠋ᠷ᠂ ᠺᠢᠨᠣᠨ ᠤ ᠨᠡᠷᠡᠲᠦ ᠵᠦᠵᠦᠭᠡᠴᠢᠳ ᠥᠪᠡᠷᠰᠡᠳ ᠦᠨ ᠵᠠᠯᠠᠭᠤ ᠨᠠᠰᠤ ᠪᠠᠨ ᠮᠥᠩᠬᠡᠯᠡᠨ ᠦᠯᠡᠳᠡᠭᠡᠭᠰᠡᠨ ᠭᠠᠢᠬᠠᠮᠰᠢᠭᠲᠤ ᠪᠦᠲᠦᠭᠡᠯ ᠪᠣᠯᠤᠭᠰᠠᠨ ᠢᠶᠠᠷ ᠢᠶᠠᠨ ᠦᠵᠡᠭᠴᠢᠳ ᠰᠤᠳᠤᠯᠤᠭᠠᠴᠢᠳ ᠤᠨ ᠰᠣᠨᠢᠷᠬᠠᠯ ᠢ ᠵᠦᠢ ᠶᠣᠰᠣᠭᠠᠷ ᠲᠠᠲᠠᠳᠠᠭ ᠪᠢᠯᠡ᠃ 1999 ᠣᠨ ᠳᠤ 《ᠵᠠᠭᠤᠨ ᠤ ᠮᠡᠳᠡᠭᠡ》 ᠰᠣᠨᠢᠨ ᠤ ᠶᠠᠪᠤᠭᠤᠯᠤᠭᠰᠠᠨ ᠰᠠᠨᠠᠯ ᠠᠰᠠᠭᠤᠯᠭ᠎ᠠ ᠪᠠᠷ ХХ ᠵᠠᠭᠤᠨ ᠤ ᠮᠣᠩᠭᠣᠯ ᠤᠨ ᠺᠢᠨᠣ᠋ ᠤᠷᠠᠯᠢᠭ ᠤᠨ ᠮᠠᠩᠯᠠᠢ ᠪᠦᠲᠦᠭᠡᠯ ᠢᠶᠡᠷ ᠰᠢᠯᠭᠠᠷᠠᠭᠰᠠᠨ᠂ 2000 ᠣᠨ ᠳᠤ 《ᠥᠨᠥᠳᠥᠷ》 ᠰᠣᠨᠢᠨ ᠠᠴᠠ ᠨᠡᠷᠡᠯᠡᠭᠰᠡᠨ ХХ ᠵᠠᠭᠤᠨ ᠳᠤ ᠪᠦᠲᠦᠭᠡᠭᠳᠡᠭᠰᠡᠨ ᠮᠣᠩᠭᠣᠯ ᠤᠨ 10 ᠰᠢᠯᠢᠳᠡᠭ ᠺᠢᠨᠣᠨ ᠤ ᠨᠢᠭᠡ ᠪᠡᠷ ᠰᠢᠯᠭᠠᠷᠠᠵᠠᠢ᠃
