ᠨᠠᠮᠤᠷ ᠤ᠋ᠨ ᠳᠤᠷᠠᠰᠤᠯ -ᠵᠥᠩᠨᠡᠯНамарын дурсал-Зөгнөл ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠨᠠᠮᠤᠷ ᠤ᠋ᠨ ᠳᠤᠷᠠᠰᠤᠯ -ᠵᠥᠩᠨᠡᠯНамарын дурсал-Зөгнөл

ᠨᠠᠮᠤᠷ ᠤ᠋ᠨ ᠳᠤᠷᠠᠰᠤᠯ -ᠵᠥᠩᠨᠡᠯНамарын дурсал-Зөгнөл

2026-10-15

25

ᠨᠠᠮᠤᠷ ᠤ᠋ᠨ ᠳᠤᠷᠠᠰᠤᠯ


        ᠦᠭᠡ᠄ ᠨᠠ᠊ ·  ᠬᠥᠬᠡᠰᠢᠭᠤᠢ 
        ᠤᠶᠠᠩᠭᠠᠯᠠᠭᠴᠢ᠄ ᠵᠥᠩᠨᠡᠯ 

ᠨᠠᠯᠠᠭᠠᠷ ᠰᠠᠢᠬᠠᠨ ᠨᠠᠮᠤᠷ ᠠ᠋ ᠭᠡᠵᠦ 
ᠨᠠᠪᠴᠢᠰ ᠤᠬᠢᠯᠠᠭᠠᠳ ᠭᠠᠵᠠᠷ ᠤᠨᠠᠵᠤ ᠬᠡᠢᠰᠦᠭᠡᠳ ᠯᠡ 
ᠨᠡᠪᠴᠢᠮ᠎ᠡ ᠬᠠᠷᠢᠯᠠᠭᠠᠳ ᠲᠥᠷᠬᠥᠮ ᠰᠠᠨᠠᠵᠤ ᠤᠶᠠᠷᠠᠭᠠᠳ ᠯᠠ 
ᠨᠠᠢᠷᠠᠭ ᠴᠠᠯᠭᠢᠯᠠᠨ ᠰᠡᠳᠬᠢᠯ ᠬᠠᠴᠢᠨ ᠭᠡᠭᠡᠯᠵᠡᠭᠡᠳ ᠯᠡ 
ᠨᠢᠯᠪᠤᠰᠤ ᠪᠥᠮᠪᠥᠷᠢᠭᠡᠳ ᠴᠢᠮ᠎ᠠ ᠶ᠋ᠢ ᠬᠡᠴᠡᠭᠦᠦ ᠮᠥᠷᠥᠭᠡᠳᠦᠭᠡᠳ ᠯᠡ 

ᠤᠶᠠᠬᠠᠨ ᠰᠢᠷᠭᠠᠯ ᠨᠠᠮᠤᠷ ᠠ᠋ ᠭᠡᠵᠦ 
ᠤᠴᠠᠷᠠᠭᠰᠠᠨ ᠬᠥᠮᠦᠨ ᠲᠡᠢ ᠬᠡᠯᠡᠯᠴᠡᠬᠦ ᠴᠢᠯᠥᠭᠡ ᠦᠭᠡᠢ ᠶᠠᠭᠠᠷᠠᠭᠠᠳ ᠯᠠ 
ᠤᠨᠠᠭᠰᠠᠨ ᠮᠠᠯᠠᠭᠠᠢ ᠶ᠋ᠢ ᠠᠪᠬᠤ ᠵᠠᠪ ᠦᠭᠡᠢ ᠵᠢᠳᠬᠦᠭᠡᠳ ᠯᠡ
ᠤᠰᠤᠨ ᠤ᠋ ᠰᠢᠪᠠᠭᠤ ᠪᠤᠴᠠᠬᠤ ᠠ᠋ᠴᠠ ᠠᠶᠤᠵᠤ ᠵᠠᠯᠪᠠᠷᠢᠭᠠᠳ ᠯᠠ
ᠠᠭᠤᠯᠠᠨ ᠤ᠋ ᠮᠠᠨᠠᠨ ᠮᠥᠯᠬᠥᠬᠦ ᠡᠴᠡ ᠡᠮᠦᠨ᠎ᠡ ᠴᠥᠷᠬᠡᠯᠡᠭᠦᠯᠦᠭᠡᠳ ᠯᠡ

ᠬᠣᠩᠭᠣᠷ ᠬᠥᠭᠡᠷᠦᠬᠦᠨ ᠨᠠᠮᠤᠷ ᠠ᠋ ᠭᠡᠵᠦ
ᠨᠢᠭᠡ ᠯᠡ ᠨᠠᠪᠴᠢᠨ ᠠ᠋ᠴᠠ ᠨᠠᠮᠤᠷ ᠤ᠋ᠨ ᠥᠩᠭᠡ ᠮᠡᠳᠡᠭᠳᠡᠭᠡᠳ ᠯᠡ
ᠨᠢᠭᠡ ᠯᠡ ᠥᠷᠯᠥᠭᠡ ᠪᠠᠲᠤᠴᠠᠭᠠᠨ ᠤ᠋ ᠨᠠᠪᠴᠢ ᠤᠯᠠᠢᠭᠠᠳ ᠯᠠ
ᠨᠢᠭᠡ ᠯᠡ ᠬᠠᠷᠠᠬᠤ ᠳ᠋ᠤ᠌ ᠲᠩᠷᠢ ᠶ᠋ᠢᠨ ᠥᠩᠭᠡ ᠴᠡᠩᠬᠡᠷᠯᠡᠭᠡᠳ ᠯᠡ
ᠨᠢᠭᠡ ᠯᠡ ᠮᠡᠳᠡᠬᠦ ᠳ᠋ᠦ᠍ ᠥᠷᠯᠥᠭᠡ ᠦᠳᠡᠰᠢ ᠵᠢᠩᠳᠡᠭᠦᠯᠦᠭᠡᠳ ᠯᠡ

ᠬᠠᠢᠷ᠎ᠠ ᠰᠦᠵᠢᠷᠡᠭᠰᠡᠨ ᠨᠠᠮᠤᠷ ᠠ᠋ ᠭᠡᠵᠦ
ᠬᠡᠭᠡᠷ᠎ᠡ ᠶ᠋ᠢᠨ ᠰᠠᠯᠬᠢᠨ ᠳ᠋ᠤ᠌ ᠶᠠᠭᠤ ᠨᠢᠭᠡ ᠰᠢᠪᠡᠨᠡᠮᠡᠷ ᠯᠡ
ᠬᠡᠨ ᠨᠢᠭᠡᠨ ᠳ᠋ᠦ᠍ ᠬᠠᠢᠷ᠎ᠠ ᠶ᠋ᠢᠨ ᠵᠠᠬᠢᠳᠠᠯ ᠪᠢᠴᠢᠮᠡᠷ ᠯᠡ
ᠬᠡᠷᠡᠭ ᠦᠭᠡᠢ ᠤᠴᠢᠷ ᠲᠤ᠌ ᠰᠠᠨᠠᠭ᠎ᠠ ᠰᠡᠭᠦᠷᠡᠰᠦ ᠠᠯᠳᠠᠮᠠᠷ ᠯᠠ
ᠬᠡᠢᠰᠴᠦ ᠶᠠᠪᠤᠭᠰᠠᠨ ᠵᠠᠯᠠᠭᠤ ᠨᠠᠰᠤ ᠪᠠᠨ ᠳᠤᠷᠠᠰᠤᠮᠠᠷ ᠯᠠ

ᠤᠷᠲᠤᠬᠠᠨ ᠬᠦᠪᠦᠷᠡᠭᠰᠡᠨ ᠨᠠᠮᠤᠷ ᠠ᠋ ᠭᠡᠵᠦ
ᠠᠢᠷᠠᠭ ᠨᠠᠢᠷᠠᠭ ᠢ᠋ᠶ᠋ᠠᠨ ᠪᠠᠷᠠᠵᠤ ᠶᠠᠳᠠᠨ ᠳᠡᠩᠳᠡᠭᠦᠳᠡᠭᠡᠳ ᠯᠠ 
ᠠᠯᠮᠠᠩ ᠴᠠᠭᠠᠨ ᠰᠠᠷᠠᠨ ᠤ᠋ ᠲᠤᠶᠠᠭᠠᠨ ᠳ᠋ᠤ᠌ ᠳᠠᠭᠤᠯᠠᠭᠠᠳ ᠯᠠ
ᠠᠢᠯ ᠤ᠋ᠨ ᠬᠡᠦᠬᠡᠨ ᠦ᠌ ᠲᠠᠯᠮᠢᠶᠠᠷᠠᠭᠰᠠᠨ ᠬᠠᠷᠠᠴᠠᠨ ᠳ᠋ᠤ᠌ ᠮᠡᠩᠳᠡᠭᠦᠷᠡᠭᠡᠳ ᠯᠡ
ᠠᠯᠢᠰᠤ ᠡᠪᠡᠰᠦᠨ ᠦ᠌ ᠰᠣᠳᠣᠬᠠᠨ ᠦᠨᠦᠷ ᠲᠦ᠍ ᠰᠣᠭᠲᠣᠭᠤᠷᠠᠭᠠᠳ ᠯᠠ

ᠨᠦᠮᠵᠦᠭ ᠲᠠᠭᠠᠲᠠᠢ ᠨᠠᠮᠤᠷ ᠠ᠋ ᠭᠡᠵᠦ
ᠨᠠᠢᠷ ᠤ᠋ᠨ ᠳᠠᠭᠤᠤ ᠠᠨᠢᠷ ᠬᠣᠯᠠ ᠠ᠋ᠴᠠ ᠴᠤᠤᠷᠢᠶᠠᠲᠤᠭᠠᠳ ᠯᠠ
ᠬᠠᠢᠷ᠎ᠠ ᠶ᠋ᠢᠨ ᠰᠡᠳᠬᠢᠯ ᠠᠶᠤᠤᠯᠢᠬᠠᠢ ᠵᠢᠷᠦᠬᠡᠨ ᠳ᠋ᠦ᠍ ᠬᠥᠪᠦᠯᠵᠡᠭᠡᠳ ᠯᠡ
ᠨᠠᠰᠤᠲᠠᠨ ᠪᠤᠭᠤᠷᠤᠯ ᠠᠪᠤ ᠡᠵᠢ ᠪᠡᠨ ᠰᠠᠨᠠᠭᠠᠳ ᠯᠠ
ᠨᠠᠰᠤᠯᠠᠨ ᠵᠢᠷᠭᠠᠬᠤ ᠡᠨᠡᠬᠡᠨ ᠣᠷᠴᠢᠯᠠᠩ ᠢ᠋ ᠬᠠᠢᠷᠠᠯᠠᠭᠠᠳ ᠯᠠ
ᠮᠥᠷᠥᠭᠡᠳᠦᠯᠲᠦ ᠭᠣᠶᠣᠬᠠᠨ ᠨᠠᠮᠤᠷ ᠠ᠋ ᠭᠡᠵᠦ
ᠭᠠᠩᠭᠠᠷ ᠭᠣᠩᠭᠣᠷ ᠭᠠᠯᠠᠭᠤᠨ ᠰᠦᠷᠦᠭ ᠳᠡᠭᠡᠰᠦᠯᠡᠭᠡᠳ ᠯᠡ
ᠬᠠᠩᠭᠢᠷ ᠵᠢᠩᠭᠢᠷ ᠳᠥᠷᠥᠭᠡᠨ ᠳᠠᠭᠤ ᠬᠠᠩᠭᠢᠨᠠᠭᠠᠳ ᠯᠠ
ᠭᠠᠵᠠᠷ ᠤ᠋ᠨ ᠬᠣᠯᠠ ᠠ᠋ᠴᠠ ᠨᠤᠲᠤᠭ ᠤ᠋ᠨ ᠪᠠᠷ᠎ᠠ ᠰᠦᠮᠡᠢᠭᠡᠳ ᠯᠡ
ᠭᠠᠩᠰᠠᠷᠠᠭᠰᠠᠨ ᠮᠥᠷᠥᠭᠡᠳᠦᠯ ᠤᠷᠲᠤ ᠶ᠋ᠢᠨ ᠤᠷᠲᠤ ᠬᠦᠪᠦᠷᠡᠭᠡᠳ ᠯᠡ

ᠪᠠᠶᠠᠨ ᠲᠠᠩᠰᠤᠭ ᠨᠠᠮᠤᠷ ᠠ᠋ ᠭᠡᠵᠦ
ᠪᠠᠢᠭᠠᠯᠢ ᠡᠬᠡ ᠲᠣᠰᠣᠨ ᠪᠣᠳᠣᠭ ᠢ᠋ᠶ᠋ᠠᠨ ᠠᠰᠬᠠᠭᠠᠳ ᠯᠠ
ᠪᠠᠶᠠᠰᠤᠯ ᠪᠢᠯᠬᠠᠭᠰᠠᠨ ᠤᠯᠠᠷᠢᠯ ᠤ᠋ᠨ ᠥᠩᠭᠡ ᠪᠦᠷᠢᠳᠦᠭᠡᠳ ᠯᠡ
ᠪᠠᠬᠠᠳᠤᠮ᠎ᠠ ᠰᠠᠢᠬᠠᠨ ᠠᠭᠤᠯᠠ ᠤᠰᠤ ᠪᠥᠵᠢᠭᠯᠡᠭᠡᠳ ᠯᠡ
ᠪᠠᠭ᠎ᠠ ᠶ᠋ᠢᠨ ᠰᠠᠢᠬᠠᠨ ᠠᠩᠭᠢᠷ ᠨᠠᠰᠤ ᠡᠷᠢᠭᠳᠡᠭᠡᠳ ᠯᠡ᠁ 

       ᠦᠰᠦᠭ ᠠᠮᠢᠯᠠᠭᠤᠯᠤᠭᠴᠢ᠄ ᠪᠠᠢ᠂ ᠰᠠᠷᠠᠨ᠎ᠠ
       ᠦᠰᠦᠭ ᠬᠠᠳᠠᠭᠴᠢ᠄ ᠪᠠᠢ᠂ ᠰᠠᠷᠠᠨ᠎ᠠ
       ᠬᠢᠨᠠᠭᠴᠢ᠄ ᠣᠳᠬᠠᠨᠰᠣ᠎ᠠ