ᠬᠥᠮᠦᠰ ᠡ ᠂ ᠪᠡᠶ᠎ᠡ ᠪᠡᠨ ᠭᠠᠮᠨᠠᠭᠠᠷᠠᠢ  – ᠳᠤᠯᠭᠠᠷᠮ᠎ᠠ Хүмүүс ээ ᠂ биеэ гамнаарай – Долгормаа ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠥᠮᠦᠰ ᠡ ᠂ ᠪᠡᠶ᠎ᠡ ᠪᠡᠨ ᠭᠠᠮᠨᠠᠭᠠᠷᠠᠢ  – ᠳᠤᠯᠭᠠᠷᠮ᠎ᠠ Хүмүүс ээ ᠂ биеэ гамнаарай – Долгормаа

ᠬᠥᠮᠦᠰ ᠡ ᠂ ᠪᠡᠶ᠎ᠡ ᠪᠡᠨ ᠭᠠᠮᠨᠠᠭᠠᠷᠠᠢ  – ᠳᠤᠯᠭᠠᠷᠮ᠎ᠠ Хүмүүс ээ ᠂ биеэ гамнаарай – Долгормаа

2023-07-16

346

ᠬᠥᠮᠦᠰ ᠡ ᠂ ᠪᠡᠶ᠎ᠡ ᠪᠡᠨ ᠭᠠᠮᠨᠠᠭᠠᠷᠠᠢ  


 ᠰᠧᠺᠦ‍ᠶ᠋‍ᠨ᠍ᠳ᠋ ᠨᠢᠭᠡ ᠨᠢᠭᠡ ᠪᠡᠷ ᠲᠣᠭᠰᠢᠵᠤ᠂ ᠴᠢᠮ᠎ᠠ ᠶ᠋ᠢ 
 ᠰᠠᠶ᠋ᠢᠬᠠᠨ ᠬᠣᠷᠸ᠋᠎ᠠ ᠴᠡᠪᠡᠷᠬᠡᠨ ᠠᠮᠢᠰᠬᠤᠯ ᠢ ᠠᠮᠰᠠᠭᠤᠯᠵᠤ
 ᠰᠡᠪ ᠦᠭᠡᠢ ᠵᠢᠷᠦᠬᠡᠨ ᠪ ᠴᠢᠨᠢ ᠴᠣᠬᠢᠯᠲᠠ ᠶ᠋ᠢᠨ ᠲᠣᠬ᠋᠎ᠠ ᠶ᠋ᠢ ᠲᠣᠭᠠᠯᠠᠵᠤ 
 ᠰᠠᠷᠠᠭᠤᠯ ᠣᠷᠴᠢᠯᠠᠩ  ᠳ᠋ᠦ᠍ ᠠᠯᠬᠤᠮ ᠦ᠋ᠨ ᠴᠢᠨᠢ ᠠᠶ᠋ᠢᠵᠠᠮ ᠢ ᠲᠠᠭᠠᠷᠠᠭᠤᠯᠤᠨ᠎ᠠ
 ᠮᠢᠨᠦ᠋ᠲ ᠨᠢᠭᠡ ᠨᠢᠭᠡ ᠪᠡᠷ ᠥᠩᠭᠡᠷᠡᠵᠦ᠂ ᠴᠢᠮ᠎ᠠ ᠶ᠋ᠢ
 ᠮᠡᠲ‍ᠡᠷᠡᠭᠰᠡᠨ ᠳ᠋ᠡᠭᠡᠨ ᠵᠢᠤ‍ᠠᠬᠦᠵᠦ᠂ ᠮᠠᠷᠲᠠᠭᠰᠠᠨ ᠳ᠋ᠠᠭᠠᠨ ᠰᠠᠨᠲ‍ᠤᠷᠴᠤ
 ᠮᠢᠨᠦ ᠯᠠ ᠭᠡᠰᠡᠨ ᠠᠮᠢᠲ‍ᠤᠷᠠᠯ ᠦ᠋ᠨ ᠵᠠᠮ ᠳ᠋ᠦ᠍ ᠴᠢᠨᠢ
 ᠮᠡᠷᠡᠶ᠋ᠢᠵᠦ ᠴᠢᠷᠮᠠᠶ᠋ᠢᠬᠤ ᠶ᠋ᠢᠨ ᠵᠢᠷᠭᠠᠯ ᠢ ᠨᠢ ᠲᠣᠬᠢᠷᠠᠭᠤᠯᠤᠨ᠎ᠠ
 ᠴᠠᠭ ᠨᠢᠭᠡ ᠨᠢᠭᠡ ᠪᠡᠷ ᠥᠩᠭᠡᠷᠡᠵᠦ᠂ ᠴᠢᠮ᠎ᠠ ᠶ᠋ᠢ
 ᠴᠠᠯ ᠪᠤᠭᠤᠷᠤᠯ ᠨᠠᠰᠤᠨ ᠪ ᠨᠠᠮᠤᠷ ᠤᠷᠤᠭᠤ ᠲᠦᠬᠦᠭᠦᠯᠵᠥ
 ᠴᠠᠯᠭᠢᠵᠤ ᠢᠷᠡᠬᠦ ᠴᠠᠭᠠᠨ᠎ᠠ ᠪᠠᠨ ᠣᠯᠠᠨ ᠤᠴᠠᠷᠠᠯ ᠦ᠋ᠳ ᠢ ᠴᠢᠨᠢ
 ᠴᠢᠷᠮᠠᠶ᠋ᠢᠵᠤ ᠲᠤᠭᠤᠯᠬᠤ ᠴᠢᠲ‍ᠠᠯ ᠡᠷᠴᠢ ᠬᠠᠶ᠋ᠢᠷᠠᠯᠠᠨ᠎ᠠ 
 ᠡᠲ‍ᠦᠷ ᠨᠢᠭᠡ ᠨᠢᠭᠡ ᠪᠡᠷ ᠥᠩᠭᠡᠷᠡᠵᠦ᠂ ᠴᠢᠮ᠎ᠠ ᠶ᠋ᠢ
 ᠡᠯᠲ‍ᠡᠪ ᠦ᠋ᠨ ᠲᠣᠬᠢᠶᠠᠯ ᠶ᠋ᠢᠠᠷ ᠡᠯᠪᠡᠷᠢᠯ ᠦ᠋ᠨ ᠤᠬᠠᠭᠠᠨ ᠢ ᠰᠠᠭᠤᠯᠭᠠᠵᠤ
 ᠡᠩᠬᠡ ᠮᠡᠨᠳᠦ ᠶ᠋ᠢᠨ ᠬᠣᠷᠸ᠋᠎ᠠ ᠢᠨᠢᠶᠡᠯᠭᠡᠵᠦ ᠣᠬᠢᠯᠠᠭᠤᠯᠵᠤ ᠪᠠᠶ᠋ᠢᠭᠠᠳ 
 ᠡᠭᠰᠢᠬᠦ ᠨᠠᠰᠤᠨ ᠪ ᠴᠢᠨᠢ ᠡᠷᠭᠢᠯᠲ‍ᠦᠬᠦ ᠵᠠᠶᠠᠬ᠋᠎ᠠ ᠶ᠋ᠢ ᠨᠢ ᠲᠡᠩᠴᠡᠭᠦᠯᠦᠨ᠎ᠡ
 ᠰᠠᠷ᠎ᠠ ᠨᠢᠭᠡ ᠨᠢᠭᠡ ᠪᠡᠷ ᠥᠩᠭᠡᠷᠡᠵᠦ᠂ ᠴᠢᠮ᠎ᠠ ᠶ᠋ᠢ
 ᠰᠠᠶ᠋ᠢᠬᠠᠨ ᠵᠠᠯᠠᠭᠤ ᠨᠠᠰᠤᠨ ᠠ᠋ᠴᠠ ᠴᠢᠨᠢ ᠰᠠᠯᠬᠢᠨ ᠪ ᠠᠶᠠᠰ ᠶ᠋ᠢᠠᠷ ᠬᠣᠯᠠᠲ‍ᠠᠭᠤᠯᠵᠤ
 ᠰᠠᠨᠠᠬ᠋᠎ᠠ ᠰᠡᠤ‍ᠠᠬᠢᠯ ᠪᠦᠬᠦᠨ ᠢ ᠴᠢᠨᠢ ᠰᠠᠶ᠋ᠢᠨ ᠲᠠᠢ ᠮᠠᠭᠤ ᠲᠠᠢ ᠨᠢ ᠵᠢᠷᠤᠭᠯᠠᠨ᠎ᠠ
 ᠰᠠᠭᠠᠲᠠᠵᠤ ᠶᠠᠪᠤᠭᠰᠠᠨ ᠵᠠᠮ ᠪᠦᠬᠦᠨ ᠢ ᠴᠢᠨᠢ ᠰᠠᠶ᠋ᠢᠨ ᠲᠠᠢ ᠮᠠᠭᠤ ᠲᠠᠢ ᠨᠢ ᠵᠢᠷᠤᠭᠯᠠᠨ᠎ᠠ
 ᠵᠢᠯ ᠨᠢᠭᠡ ᠨᠢᠭᠡ ᠪᠡᠷ ᠨᠡᠮᠡᠭᠲ‍ᠡᠵᠦ᠂ ᠴᠢᠮ᠎ᠠ ᠶ᠋ᠢ
 ᠵᠢᠷᠭᠠᠯ ᠵᠣᠪᠠᠯᠠᠩ ᠪᠦᠬᠦᠨ ᠳ᠋ᠤᠨᠢ ᠪᠥᠬᠡᠵᠢᠭᠥᠯᠵᠥ
 ᠵᠣᠯ ᠲᠠᠢ ᠰᠠᠶ᠋ᠢᠬᠠᠨ ᠠᠮᠢᠲ‍ᠤᠷᠠᠯ ᠦ᠋ᠨ ᠭᠡᠭᠡᠨ  ᠳ᠋ᠦ᠍ ᠰᠠᠭᠠᠲ‍ᠠᠭᠤᠯᠤᠨ᠎ᠠ
 ᠨᠠᠰᠤ ᠨᠢᠭᠡ ᠨᠢᠭᠡ ᠪᠡᠷ ᠨᠡᠮᠡᠭᠲ‍ᠡᠵᠦ᠂ ᠴᠢᠮ᠎ᠠ ᠶ᠋ᠢ 
 ᠨᠡᠷᠡᠲᠦ ᠣᠷᠴᠢᠯᠠᠩ ᠦ᠋ᠨ ᠪᠦᠬᠦᠯᠢ ᠵᠢᠷᠤᠮ ᠢ ᠳᠠᠭᠠᠭᠤᠯᠵᠤ 
 ᠨᠠᠶ᠋ᠢᠷ ᠬᠠᠶ᠋ᠢᠷ᠎ᠠ᠂ ᠭᠡᠮᠰᠢᠯ ᠭᠤᠲᠤᠷᠠᠯ᠂ ᠪᠠᠶᠠᠰᠤᠯ ᠴᠡᠩᠭᠡᠯ ᠪᠦᠬᠦᠨ ᠢ ᠴᠢᠨᠢ
 ᠨᠠᠶ᠋ᠢᠷᠠᠭ ᠦ᠋ᠨ ᠶ᠋ᠢᠡᠨ ᠪᠠᠲ‍ᠠᠭ ᠲᠠᠭᠠᠨ ᠪᠠᠭᠴᠠᠯᠠᠨ ᠲᠡᠮᠲ‍ᠡᠭᠯᠡᠵᠦ ᠦᠯᠡᠲ‍ᠡᠭᠡᠨ᠎ᠡ
 ᠠᠮᠢᠲ‍ᠤᠷᠠᠯ ᠨᠢᠭᠡ ᠨᠢᠭᠡ ᠪᠡᠷ ᠴᠥᠷᠬᠡᠯᠡᠵᠦ ᠴᠢᠮ᠎ᠠ ᠶ᠋ᠢ 
 ᠠᠵᠢᠯᠰᠠᠭ᠂ ᠠᠯᠵᠠᠭᠤ ᠠᠵᠢᠯᠯᠠᠬ᠋᠎ᠠ ᠪᠦᠬᠦᠨ ᠢ ᠴᠢᠨᠢ ᠲᠠᠨᠢᠵᠤ 
 ᠠᠮᠢᠨ ᠳ᠋ᠠᠭᠠᠨ ᠬᠦᠷᠬᠦ ᠠᠶᠤᠯ ᠵᠢᠷᠭᠠᠯ ᠪᠦᠬᠦᠨ ᠢ ᠴᠢᠨᠢ ᠳᠠᠩᠰᠠᠯᠠᠵᠤ
 ᠠᠮᠢᠲ‍ᠤᠷᠠᠵᠤ ᠯᠠ ᠶᠠᠪᠤᠬᠤ ᠶ᠋ᠢᠨ ᠠᠵᠠ ᠪᠤᠶᠠᠨ ᠢ ᠢᠪᠡᠭᠡᠨ᠎ᠡ
 ᠬᠥᠮᠦᠨ ᠨᠢᠭᠡ ᠨᠢᠭᠡ ᠪᠡᠷ ᠰᠤᠪᠤᠷᠠᠵᠤ᠂ ᠴᠢᠮ᠎ᠠ ᠶ᠋ᠢ
 ᠬᠦᠨᠲ‍ᠦᠤ‍ᠠᠭᠡᠵᠦ ᠬᠠᠶ᠋ᠢᠷᠠᠯᠠᠬᠤ ᠮᠥᠷᠦᠭᠡᠤ‍ᠠᠴᠥ ᠰᠠᠨᠠᠬᠤ ᠪᠣᠲ‍ᠣᠯ ᠦ᠋ᠨ ᠰᠠᠶ᠋ᠢᠬᠠᠨ ᠊ᠢ ᠤᠷᠭᠤᠭᠤᠯᠵᠤ
 ᠬᠥᠮᠦᠨ ᠭᠡᠵᠦ ᠯᠠ ᠠᠮᠢᠲ‍ᠤᠷᠠᠬᠤ ᠶ᠋ᠢᠨ ᠦᠨ᠎ᠡ ᠴᠠᠨ᠎ᠠ ᠶ᠋ᠢ ᠮᠡᠲ‍ᠡᠭᠦᠯᠵᠦ 
 ᠬᠥᠷᠥᠰᠥᠲᠦ ᠳᠡᠯᠡᠬᠡᠢ ᠳ᠋ᠦ᠍ ᠠᠮᠢᠳᠤ ᠯᠠ ᠪᠠᠶ᠋ᠢᠬᠤ ᠶ᠋ᠢ ᠬᠦᠰᠡᠭᠦᠯᠦᠨ᠎ᠡ
 ᠠᠯᠲᠠᠨ ᠳᠡᠯᠡᠬᠡᠢ ᠳ᠋ᠠᠬᠢᠨ ᠠᠮᠢᠲ‍ᠤᠷᠠᠵᠤ ᠯᠠ ᠪᠠᠶ᠋ᠢᠬ᠋᠎ᠠ ᠬᠥᠮᠦᠰ ᠮᠢᠨᠢ ᠡ
 ᠠᠯᠲ‍ᠠᠵᠤ ᠤᠨᠤᠬᠤ ᠡᠳ᠋ ᠡᠷᠲ‍ᠡᠨᠢᠰ ᠬᠡᠷᠡᠭ ᠦᠭᠡᠢ ᠶ‍ᠤᠮ ᠡ
 ᠠᠮᠢᠳᠤ ᠯᠠ ᠶᠠᠪᠤᠬᠤ ᠡᠨᠡ ᠪᠡᠶ᠎ᠡ᠂ ᠡᠯᠢᠭᠡᠨ ᠰᠠᠲ‍ᠤᠨ ᠴᠢᠨᠢ ᠪᠠᠶ᠋ᠢᠪᠠᠯ  
 ᠠᠯᠲᠠᠨ ᠨᠠᠷᠠᠨ ᠪ ᠭᠡᠷᠡᠯ ᠢᠪᠡᠭᠡᠭᠲ‍ᠡᠭᠰᠡᠨ ᠠᠰᠢᠲᠠ ᠶ᠋ᠢᠨ ᠵᠢᠷᠭᠠᠯ ᠲᠡᠷᠡ ᠪᠢᠯᠡ 

      ᠦᠰᠦᠭ ᠠᠮᠢᠯᠠᠭᠤᠯᠤᠭᠴᠢ᠄  ᠣᠤ‍ᠠᠬᠠᠨᠴᠡᠴᠡᠭ
        ᠬᠢᠨᠠᠭᠴᠢ ᠪᠠᠭᠰᠢ᠄ ᠣᠤ‍ᠠᠬᠠᠨᠰᠣ‌‍ᠠ᠋